ᠮᠤᠩᠭᠤᠯᠴᠤᠳ ᠤᠨ ᠤᠯᠠᠮᠵᠢᠯᠠᠯᠳᠤ ᠡᠷᠳᠡᠨᠢ — ᠬᠡᠳᠠ ᠴᠠᠬᠢᠭᠤᠷ
  
2018-12-05
     ᠮᠣᠳᠣᠨ ᠬᠤᠨᠢᠨ ᠵᠢᠯ ᠤᠨ ᠦᠯᠵᠡᠶᠢᠳᠣ ᠰᠠᠶᠢᠬᠠᠨ ᠵᠢᠷᠭᠤᠭᠠᠨ ᠰᠠᠷ᠎ᠠ ᠳᠤ ᠪᠦᠭᠦ ᠣᠯᠣᠰ ᠤᠨ ᠠᠷᠪᠠᠳᠣᠭᠠᠷ  ᠬᠤᠭᠤᠴᠠᠭᠠᠨ ᠤ ᠴᠦᠭᠡᠨ ᠳᠣᠭᠠᠳᠣ ᠦᠨᠳᠦᠰᠦᠳᠡᠨ ᠤ ᠣᠯᠠᠮᠵᠢᠯᠠᠯᠳᠣ ᠪᠠᠶ᠎ᠠ ᠶᠢᠨ ᠲᠠᠮᠢᠷ ᠤᠨ ᠴᠣᠭᠯᠠᠭᠠᠨ ᠤ  ᠭᠠᠯ ᠤᠨ ᠴᠤᠭ ᠠᠪᠬᠤ ᠶᠣᠰᠣᠯᠠᠯ ᠪᠠ ᠭᠠᠯ ᠪᠠᠮᠪᠠᠷ ᠳᠠᠮᠵᠢᠭᠤᠯᠬᠤ ᠶᠣᠰᠣᠯᠠᠯ ᠣᠳᠤᠭ ᠤᠨ ᠡᠮᠣᠨᠡᠳᠣ ᠬᠤᠰᠢᠭᠤᠨ ᠤ  ᠪᠣᠷᠣᠪᠠᠯᠭᠠᠰᠤ ᠳᠠᠬᠢ ᠶᠠᠨ ᠠᠨ ᠤ ᠦᠨᠳᠦᠰᠦᠳᠡᠨ ᠤ ᠳᠡᠭᠡᠳᠦ ᠰᠣᠷᠭᠠᠭᠤᠯᠢ ᠶᠢᠨ ᠳᠣᠷᠠᠰᠬᠠᠯ ᠤᠨ ᠣᠷᠳᠣᠨ ᠳᠤ  ᠦᠪᠡᠳᠡᠭᠰᠢ ᠶᠠᠪᠣᠭᠳᠠᠯ᠎ᠠ᠃ ᠡᠨᠡᠭᠦ ᠶᠣᠰᠣᠯᠠᠯ ᠳᠤ ᠮᠣᠩᠭᠤᠯᠴᠣᠳ ᠤᠨ ᠨᠠᠶᠢᠷᠠᠯ ᠭᠦᠭᠵᠢᠮ ᠤᠨ ᠠᠶᠠᠯᠭᠤ᠂  ᠨᠣᠳᠤᠭ ᠤᠨ ᠢᠷᠦᠭᠡᠯᠴᠢᠨ ᠤ ᠢᠷᠦᠭᠡᠯ ᠤᠨ ᠳᠠᠭᠤᠨ ᠤ ᠠᠶᠠᠰ ᠢ ᠳᠠᠭᠠᠵᠦ ᠮᠣᠩᠭᠤᠯᠴᠣᠳ ᠤᠨ ᠶᠡᠭᠡ ᠡᠷᠳᠡᠨ ᠠᠴᠠ  ᠣᠯᠠᠮᠵᠢᠯᠠᠭᠳᠠᠭᠰᠠᠭᠠᠷ ᠢᠷᠡᠭᠰᠡᠨ ᠡᠷᠳᠡᠨᠢ — ᠭᠡᠳᠡ ᠴᠠᠭᠢᠭᠤᠷ ᠤᠨ ᠣᠴᠢ ᠣᠯᠠᠯᠵᠠᠨ ᠠᠷᠢᠭᠤᠨ ᠭᠠᠯ ᠢ  ᠡᠭᠦᠰᠭᠡᠵᠦ 14 ᠨᠠᠰᠣᠳᠠᠢ ᠪᠢᠴᠢᠬᠠᠨ ᠦᠭᠢᠨ ᠢᠶᠠᠷ ᠠᠷᠢᠭᠤᠨ ᠭᠠᠯ ᠢ ᠪᠤᠷᠤᠪᠠᠯᠭᠠᠰᠣ ᠳᠠᠬᠢ ᠶᠠᠨ ᠠᠨ ᠤ  ᠦᠨᠳᠦᠰᠦᠳᠡᠨ ᠤ ᠳᠡᠭᠡᠳᠦ ᠰᠣᠷᠭᠠᠭᠤᠯᠢ ᠶᠢᠨ ᠳᠣᠷᠠᠰᠬᠠᠯ ᠤᠨ ᠣᠷᠳᠣᠨ ᠤ ᠳᠡᠥᠭᠡ ᠶᠢᠨ ᠦᠵᠡᠭᠦᠯᠦᠯᠭᠡ ᠶᠢᠨ  ᠲᠢᠩᠭᠢᠮ ᠢᠶᠠᠷ ᠦᠩᠭᠡᠷᠡᠭᠦᠯᠵᠦ ᠭᠠᠯ ᠨᠣᠴᠣᠭᠠᠬᠤ ᠲᠠᠶᠢᠰᠠᠨ ᠳᠤ ᠢᠷᠡᠵᠦ ᠨᠠᠮ ᠵᠠᠰᠠᠭ ᠤᠨ ᠣᠳᠣᠷᠢᠳᠣᠯᠭ᠎ᠠ  ᠨᠠᠷ ᠠᠴᠠ ᠭᠠᠯ ᠪᠠᠮᠪᠠᠷ ᠢ ᠳᠠᠮᠵᠢᠭᠤᠯᠣᠨ ᠨᠣᠴᠣᠭᠠᠵᠦ᠂ ᠪᠦᠭᠦ ᠣᠯᠣᠰ ᠤᠨ 56 ᠦᠨᠳᠦᠰᠦᠳᠡᠨ ᠳᠤ ᠭᠡᠶᠢᠮᠣᠷᠢ  ᠮᠠᠨᠳᠣᠭᠰᠠᠨ ᠠᠷᠢᠭᠤᠨ ᠭᠠᠯ ᠢᠶᠠᠨ ᠣᠯᠠᠮᠵᠢᠯᠠᠨ ᠳᠠᠮᠵᠢᠭᠤᠯᠣᠭᠰᠠᠨ ᠪᠠᠶᠢᠨ᠎ᠠ᠃ ᠮᠣᠩᠭᠤᠯ ᠦᠨᠳᠦᠰᠦᠳᠡᠨ ᠤ ᠳᠡᠭᠡᠳᠦ  ᠰᠢᠳᠦᠭᠡᠨ ᠪᠣᠯᠣᠭᠰᠠᠨ ᠡᠷᠳᠡᠨ ᠤ ᠭᠡᠳᠡ ᠴᠠᠭᠢᠭᠤᠷ ᠢ ᠭᠡᠷᠡᠭᠯᠡᠵᠦ ᠠᠷᠢᠭᠤᠨ ᠭᠠᠯ ᠢ ᠨᠣᠴᠣᠭᠠᠭᠰᠠᠨ ᠨᠢ ᠲᠠᠷᠣᠢ  ᠮᠠᠨ ᠤ ᠮᠣᠩᠭᠤᠯ ᠦᠨᠳᠦᠰᠦᠳᠡᠨ ᠤ ᠳᠡᠥᠭᠡ ᠰᠣᠶᠣᠯ ᠤᠨ ᠭᠠᠯ ᠭᠤᠯᠣᠮᠳᠠ ᠡᠷᠭᠢᠮ ᠨᠠᠨᠳᠢᠨ ᠵᠦᠢᠯ ᠢᠶᠠᠨ ᠪᠦᠭᠦ  ᠣᠯᠣᠰ ᠤᠨ ᠦᠨᠳᠦᠰᠦᠳᠡᠨ ᠨᠦᠭᠦᠳ ᠲᠤ ᠪᠠᠨ ᠲᠠᠨᠢᠭᠤᠯᠵᠣ ᠮᠡᠳᠡᠭᠦᠯᠵᠦ ᠪᠠᠶᠢᠬᠤ ᠪᠠᠷ ᠪᠠᠷᠠᠬᠤ ᠦᠭᠡᠢ ᠡᠨᠡᠭᠦ  ᠮᠣᠩᠭᠤᠯᠴᠣᠳ ᠤᠨ ᠦᠶ᠎ᠡ ᠣᠯᠠᠷᠢᠨ ᠭᠡᠷᠡᠭᠯᠡᠵᠦ ᠢᠷᠡᠭᠰᠡᠨ ᠳᠡᠥᠭᠡ ᠶᠢᠨ ᠦᠪ ᠰᠣᠶᠣᠯ ᠢᠶᠠᠨ ᠭᠦᠭᠵᠢᠭᠦᠯᠵᠦ  ᠣᠯᠠᠮᠵᠢᠯᠠᠵᠣ ᠮᠠᠨᠳᠣᠭᠤᠯᠵᠣ ᠪᠠᠶᠢᠬᠤ ᠰᠡᠳᠭᠢᠯ ᠢᠶᠠᠨ ᠪᠦᠭᠦ ᠣᠯᠣᠰ ᠵᠢᠴᠢ ᠳᠡᠯᠡᠭᠡᠢ ᠶᠢᠨ ᠦᠨᠳᠦᠰᠦᠳᠡᠨ ᠳᠤ  ᠮᠡᠳᠡᠭᠦᠯᠵᠦ᠂ ᠡᠨᠡᠭᠦ ᠦᠨᠳᠦᠰᠦᠳᠡᠨ ᠤ ᠰᠣᠶᠣᠯ ᠳᠡᠥᠭᠡ ᠪᠠᠨ ᠭᠠᠯ ᠮᠡᠳᠣ ᠭᠦᠭᠵᠢᠨ ᠮᠠᠨᠳᠣᠬᠤ ᠶᠢ ᠢᠷᠦᠭᠡᠨ  ᠪᠡᠯᠭᠡᠯᠡᠵᠦ ᠪᠠᠶᠢᠬᠤ ᠰᠡᠳᠭᠢᠯ ᠢᠶᠠᠨ ᠢᠯᠡᠳᠭᠡᠭᠰᠡᠨ ᠪᠠᠶᠢᠨ᠎ᠠ᠃        ᠭᠡᠳᠡ ᠴᠠᠭᠢᠭᠤᠷ ᠪᠤᠯ ᠮᠣᠩᠭᠤᠯ ᠦᠨᠳᠦᠰᠦᠳᠡᠨ ᠤ ᠠᠮᠢᠳᠤᠷᠠᠯ ᠤᠨ ᠰᠣᠶᠣᠯ ᠳᠡᠥᠭᠡ ᠳᠡᠭᠡᠷᠡᠭᠢ ᠳᠣᠮᠣ  ᠨᠡᠭᠡᠭᠡᠯᠳᠡ ᠪᠤᠯᠤᠨ᠎ᠠ᠃ ᠪᠠᠶᠢᠭᠠᠯᠢ ᠶᠢ ᠠᠩᠬ᠎ᠠ ᠣᠳᠠᠭ᠎ᠠ ᠡᠷᠭᠡᠰᠢᠶᠡᠯ ᠳᠤ ᠪᠠᠨ ᠣᠷᠣᠭᠤᠯᠵᠣ ᠭᠠᠯ ᠨᠠᠷᠠᠨ ᠤ  ᠦᠵᠡᠯᠳᠡ ᠶᠢ ᠭᠦᠮᠦᠨ ᠳᠤ ᠲᠠᠨᠢᠭᠤᠯᠵᠣ᠂ ᠣᠷᠴᠢᠯᠠᠩ ᠤᠨ ᠭᠠᠯ᠂ ᠣᠳᠣᠨ᠂ ᠨᠠᠷᠠᠨ᠂ ᠴᠠᠭᠢᠯᠭᠠᠨ ᠵᠡᠷᠭᠡ  ᠳᠡᠯᠡᠭᠡᠢ ᠶᠢᠨ ᠭᠠᠯ ᠤᠨ ᠴᠤᠭ ᠢ ᠭᠡᠷ ᠤᠨ ᠭᠠᠯ ᠳᠣᠯᠭ᠎ᠠ ᠳᠤ ᠪᠠᠨ ᠣᠷᠣᠰᠢᠭᠤᠯᠵᠣ᠂ ᠭᠠᠯ ᠤᠨ ᠮᠦᠨ ᠴᠢᠨᠠᠷ ᠠᠴᠠ  ᠭᠠᠷᠳᠠᠭ ᠦᠷ᠎ᠡ ᠪᠦᠳᠦᠭᠡᠯ ᠢ ᠭᠦᠮᠦᠨ ᠳᠤ ᠲᠠᠨᠢᠭᠤᠯᠵᠣ᠂ ᠭᠡᠷᠡᠭᠯᠡᠭᠰᠡᠨ ᠵᠦᠢᠯ ᠤᠨ ᠭᠤᠣᠯ ᠪᠦᠷᠢᠯᠳᠦᠭᠦᠨ ᠪᠤᠯ  ᠲᠠᠷᠣᠢ ᠭᠡᠳᠡ ᠴᠠᠭᠢᠭᠤᠷ ᠤᠨ ᠠᠯᠳᠠᠷ ᠭᠠᠪᠢᠶ᠎ᠠ ᠪᠤᠯᠤᠨ᠎ᠠ᠃ ᠮᠣᠩᠭᠤᠯᠴᠣᠳ ᠲᠦᠢᠯ ᠤᠨ ᠪᠠᠶᠠᠯᠢᠭ ᠪᠦᠭᠡᠳ  ᠦᠪᠡᠷᠮᠢᠴᠡ ᠴᠢᠨᠠᠷ ᠲᠠᠢ ᠭᠠᠯ ᠰᠢᠳᠦᠯᠭᠡ ᠶᠢᠨ ᠰᠣᠶᠣᠯ ᠤᠨ ᠭᠤᠯᠣᠮᠳᠠ ᠶᠢ ᠪᠤᠢ ᠪᠤᠯᠭᠠᠵᠣ ᠢᠷᠡᠭᠰᠡᠨ ᠳᠡᠥᠭᠡ ᠲᠠᠢ  ᠪᠦᠭᠡᠳ ᠭᠦᠮᠦᠨ ᠲᠦᠷᠦᠯᠭᠢᠳᠠᠨ ᠤ ᠳᠡᠥᠭᠡ ᠶᠢᠨ ᠳᠠᠪᠴᠠᠩ ᠳᠤ ᠭᠠᠷᠬᠤ ᠲᠠᠢ ᠵᠡᠷᠭᠡ ᠭᠠᠯ ᠢ ᠬᠠᠮᠳᠣ ᠠᠰᠢᠭᠯᠠᠵᠤ  ᠴᠢᠳᠠᠭᠰᠠᠨ ᠣᠮᠠᠷᠠᠳᠣ ᠶᠢᠨ ᠭᠦᠢᠳᠡᠨ ᠣᠷᠣᠨ ᠢᠶᠠᠷ ᠥᠯᠥᠭᠡᠢ ᠨᠣᠳᠤᠭ ᠢᠶᠠᠨ ᠪᠤᠯᠭᠠᠭᠰᠠᠨ ᠡᠷᠳᠡᠨ ᠤ ᠠᠶᠢᠮᠠᠭ  ᠥᠨᠳᠦᠰᠦᠳᠡᠨ ᠤ ᠨᠢᠭᠡ ᠨᠢ ᠪᠤᠯᠬᠤ ᠶᠤᠮ᠃ ᠨᠢᠳᠦᠨ ᠳᠤ ᠪᠠᠨ ᠭᠡᠷᠡᠯ ᠲᠠᠢ᠂ ᠨᠢᠭᠤᠷ ᠲᠤ ᠪᠠᠨ ᠴᠤᠭ ᠲᠠᠢ᠂  ᠪᠡᠶ᠎ᠡ ᠳᠤ ᠪᠠᠨ ᠭᠠᠯ ᠲᠠᠢ᠂ ᠭᠡᠵᠢᠶ᠎ᠡ ᠬᠠᠮᠢᠭ᠎ᠠ ᠴᠦ ᠭᠡᠰᠡᠨ ᠢᠯᠭᠠᠭ᠎ᠠ ᠦᠭᠡᠢ᠂ ᠨᠠᠷᠠ ᠲᠠᠢ ᠴᠦ ᠪᠣᠯᠤᠭ᠂ ᠰᠦᠨᠢ ᠴᠦ  ᠪᠣᠯᠤᠭ᠂ ᠰᠠᠯᠭᠢᠨ ᠪᠣᠷᠣᠭᠠᠨ ᠪᠠᠶᠢᠭᠠᠯᠢ ᠶᠢᠨ ᠶᠠᠮᠠᠷ ᠨᠦᠭᠦᠴᠡᠯ ᠳᠤ ᠴᠦ ᠭᠡᠰᠡᠨ ᠢᠯᠭᠠᠭ᠎ᠠ ᠦᠭᠡᠢ᠂ ᠠᠪᠠ ᠭᠦᠷᠦᠭᠡ  ᠭᠢᠭᠦ᠂ ᠠᠶᠠᠨ ᠵᠢᠩ ᠳᠤ ᠶᠠᠪᠤᠬᠤ᠂ ᠣᠳᠣᠷ ᠨᠡᠭᠦᠳᠡᠯ ᠢᠶᠠᠨ ᠭᠦᠭᠡᠭᠡᠭᠦ᠂ ᠠᠶᠢᠯ ᠭᠡᠷ ᠤᠨ ᠠᠵᠦ ᠠᠮᠢᠳᠣᠷᠠᠯ ᠤᠨ  ᠠᠯᠢᠨ ᠳᠤ ᠴᠦ ᠭᠡᠰᠡᠨ ᠭᠡᠳᠡ ᠴᠠᠭᠢᠭᠤᠷ ᠲᠠᠢ ᠪᠠᠨ ᠬᠠᠮᠳᠣ ᠶᠠᠪᠤᠵᠣ ᠪᠠᠶᠢᠪᠠᠯ ᠪᠦᠭᠦᠳᠡ ᠣᠴᠢᠷ ᠪᠦᠳᠦᠵᠦ ᠶᠠᠪᠤᠬᠤ  ᠭᠠᠯ ᠭᠤᠯᠣᠮᠳᠠ ᠶᠢᠨ ᠭᠡᠶᠢᠮᠣᠷᠢ ᠮᠠᠨᠳᠣᠭᠰᠠᠨ ᠭᠠᠯ ᠤᠨ ᠣᠴᠢ ᠪᠠᠨ ᠡᠭᠦᠷᠢᠳᠡ ᠭᠦᠭᠵᠢᠭᠦᠯᠦᠭᠰᠡᠨ ᠭᠡᠶᠢᠮᠣᠷᠢ ᠲᠠᠢ  ᠦᠨᠳᠦᠰᠦᠳᠡᠨ ᠪᠤᠯ ᠮᠤᠩᠭᠤᠯ ᠦᠨᠳᠦᠰᠦᠳᠡᠡ ᠪᠤᠯᠣᠨ᠎ᠠ᠃        ᠮᠣᠩᠭᠤᠯᠴᠣᠳ ᠭᠡᠳᠡ ᠴᠠᠭᠢᠭᠤᠷ ᠢᠶᠠᠨ ᠰᠢᠳᠦᠵᠦ ᠶᠠᠪᠣᠬᠤ ᠳᠤ ᠪᠠᠨ ᠭᠠᠯ ᠢᠶᠠᠨ ᠭᠦᠨᠳᠦᠯᠡᠵᠦ᠂ ᠭᠠᠯ ᠢᠶᠠᠨ  ᠰᠠᠶᠢᠬᠠᠨ ᠢᠷᠦᠭᠡᠯ ᠢᠶᠠᠷ ᠢᠷᠦᠭᠡᠵᠦ ᠪᠠᠶᠠᠰᠬᠠᠳᠠᠭ ᠪᠢᠯᠡ᠃ ᠡᠨᠡ ᠨᠢ ︽ᠬᠠᠨ ᠳᠡᠭᠷᠢ ᠶᠢᠨ ᠵᠠᠶᠠᠭᠠᠳᠣ ᠭᠠᠩ ᠳᠡᠮᠣᠷ  ᠡᠴᠢᠭᠡ ᠳᠤ᠂ ᠬᠠᠶᠢᠷ ᠴᠢᠯᠠᠭᠤᠨ ᠤ ᠡᠭᠡ ᠲᠠᠢ᠂ ᠬᠠᠶᠢᠯᠠᠰᠣᠨ ᠮᠣᠳᠣᠨ ᠤ ᠠᠮᠢᠳᠣ᠂ ᠡᠭᠦᠯᠡ ᠨᠡᠪᠳᠡ ᠥᠨᠡᠷᠳᠣ᠂  ᠢᠯᠴᠢᠳᠣ ᠬᠠᠶᠢᠯᠠᠬᠠᠨ ᠡᠭᠡ︾ ᠵᠡᠷᠢᠮ ᠨᠣᠮ ᠳᠤ ︽ᠴᠡᠩᠭᠡᠷ ᠳᠡᠮᠣᠷ ᠡᠴᠢᠭᠡ᠂ ᠴᠡᠩ ᠴᠢᠯᠠᠭᠤᠨ ᠡᠭᠡ ᠲᠠᠢ︾᠂ ︽  ᠪᠤᠭᠳᠠ ᠴᠢᠩᠭᠢᠰ ᠬᠠᠭᠠᠨ ᠤ ᠴᠠᠭᠢᠬᠰᠡᠨ᠂ ᠪᠦᠷᠳᠡ ᠰᠡᠴᠡᠨ ᠬᠠᠳᠣᠨ ᠤ ᠭᠦᠭᠵᠢᠭᠡᠭᠰᠡᠨ︾ ᠭᠡᠭᠦ ᠮᠡᠳᠣ ᠪᠠᠷ ᠭᠡᠳᠡ  ᠴᠠᠭᠢᠭᠤᠷ ᠢᠶᠠᠨ ᠮᠠᠭᠳᠠᠨ ᠢᠷᠦᠭᠡᠳᠡᠭ ᠨᠢ ᠳᠠᠷᠣᠢ ᠮᠠᠨ ᠤ ᠳᠡᠭᠡᠳᠦᠰ ᠠᠴᠠ ᠡᠴᠢᠭᠡ ᠳᠡᠮᠣᠷ᠂ ᠡᠭᠡ ᠬᠠᠳᠠ ᠪᠠᠷ  ᠦᠷᠦᠯᠳᠦᠨ ᠭᠠᠷᠭᠠᠭᠰᠠᠨ ᠭᠠᠯ ᠪᠤᠯ ᠳᠠᠷᠣᠢ ᠭᠦᠮᠦᠨ ᠲᠦᠷᠥᠯᠭᠢᠳᠡᠨ ᠤ ᠳᠡᠭᠡᠳᠦ ᠠᠷᠭ᠎ᠠ ᠪᠢᠯᠢᠭ ᠤᠨ ᠭᠠᠯ ᠢ  ᠲᠦᠷᠦᠵᠦ᠂ ᠡᠨᠡᠭᠦ ᠭᠡᠳᠡ ᠴᠠᠭᠢᠭᠤᠷ ᠤᠨ ᠭᠠᠯ ᠨᠢ ᠣᠯᠠ ᠡᠪᠡᠰᠦ ᠳᠡᠭᠡᠷ᠎ᠡ ᠪᠤᠶᠣ ᠡᠪᠡᠰᠦᠨ ᠳᠡᠭᠡᠷ᠎ᠡ ᠪᠠᠭᠤᠵᠣ ᠭᠠᠯ  ᠪᠣᠯᠣᠨ ᠭᠦᠭᠵᠢᠳᠡᠭ᠃ ᠡᠨᠡ ᠭᠠᠯ ᠢᠶᠠᠨ ᠥᠨᠳᠦᠰᠦᠳᠡᠨ ᠤ ᠪᠠᠨ ᠠᠮᠢᠳᠣᠷᠠᠯ ᠢ ᠪᠤᠢ ᠪᠤᠯᠭᠠᠬᠤ ᠶᠢᠨ ᠦᠨᠳᠦᠰᠦᠨ  ᠰᠠᠭᠤᠷᠢ ᠶᠢᠨ ᠭᠤᠯᠣᠮᠳᠠ ᠪᠣᠯᠭᠠᠭᠰᠠᠨ ᠪᠦᠭᠡᠳ ᠭᠦᠮᠦᠨ ᠲᠦᠷᠦᠯᠭᠢᠳᠡᠨ ᠤ ᠦᠶ᠎ᠡ ᠣᠯᠠᠷᠢᠨ ᠳᠡᠯᠭᠡᠷᠡᠭᠦ ᠲᠠᠢ ᠨᠢᠭᠡᠨ  ᠠᠳᠠᠯᠢ ᠣᠯᠠᠮᠵᠢᠯᠠᠵᠣ ᠢᠷᠡᠭᠰᠡᠨ ᠶᠣᠮ᠃        ᠮᠣᠩᠭᠤᠯᠴᠣᠳ ᠭᠡᠳᠡ ᠴᠠᠭᠢᠭᠤᠷ ᠢᠶᠠᠨ ᠡᠷ᠎ᠡ ᠶᠢᠨ ᠭᠤᠷᠪᠠᠨ ᠵᠢᠮᠰᠡᠭ ᠤᠨ ᠨᠢᠭᠡ ᠨᠢ ᠭᠡᠳᠡᠭ᠃ ︵ᠰᠠᠶᠢᠨ  ᠮᠣᠷᠢ᠂ ᠰᠠᠭᠠᠳᠠᠭ ᠨᠣᠮᠣ᠂ ᠭᠡᠳᠡ ᠭᠢᠳᠤᠭ᠎ᠠ︶ ᠲᠠᠶᠢᠮᠣ ᠠᠴᠠ ᠭᠡᠳᠡ ᠪᠤᠯ ᠮᠠᠰᠢ ᠡᠷᠳᠡᠨ ᠤ ᠭᠠᠷᠣᠯ ᠡᠭᠦᠰᠣᠯ ᠲᠠᠢ  ᠶᠣᠮ᠃ ᠣᠴᠢᠷ ᠨᠢ ᠬᠠᠯᠠᠭᠤᠨ ᠭᠠᠯ ᠤᠨ ᠭᠡᠷᠡᠯ ᠤᠨ ᠪᠡᠯᠭᠡ ᠳᠠᠮᠪᠠᠷᠢᠯ ᠲᠠᠢ ᠪᠤᠯᠬᠤᠷ ᠭᠡᠵᠢᠶ᠎ᠡ ᠡᠭᠦᠷᠢᠳᠡ  ᠪᠡᠶ᠎ᠡ ᠳᠤ ᠪᠠᠨ ᠠᠪᠴᠣ ᠶᠠᠪᠣᠳᠠᠭ ᠡᠷᠭᠢᠮ ᠳᠡᠭᠡᠳᠣ ᠰᠢᠳᠦᠭᠡᠨ ᠪᠤᠯᠤᠭᠰᠠᠨ ᠪᠠᠶᠢᠨ᠎ᠠ᠃ ᠲᠠᠶᠢᠮᠣ ᠣᠴᠢᠷ ᠠᠴᠠ ᠪᠤᠭᠳᠠ  ᠴᠢᠩᠭᠢᠰ ᠬᠠᠭᠠᠨ ᠤ ᠣᠳᠬᠠᠨ ᠭᠦᠪᠡᠭᠦᠨ ᠳᠣᠯᠣᠢ ᠡᠵᠡᠨ ᠤ ᠭᠤᠣᠯ ᠰᠢᠳᠦᠭᠡᠨ ᠨᠢ ᠭᠡᠳᠡ ᠴᠠᠭᠢᠭᠤᠷ ᠪᠠᠶᠢᠭᠰᠠᠠ  ᠶᠣᠮ ᠭᠡᠨ᠎ᠡ᠃ ᠭᠡᠳᠡ ᠴᠠᠭᠢᠭᠤᠷ ᠨᠢ 13 ᠳ᠋ᠤᠭᠠᠷ ᠵᠠᠭᠤᠨ ᠤ ᠦᠶ᠎ᠡ ᠳᠤ ᠮᠠᠨ ᠤ ᠳᠡᠭᠡᠳᠦᠰ ᠤᠨ ᠭᠤᠣᠯ ᠰᠢᠳᠦᠭᠡᠨ  ᠪᠣᠯᠣᠭᠰᠠᠨ ᠢ ᠤᠯᠠᠠ ᠮᠠᠲ᠋ᠧᠷᠢᠶᠠᠯ ᠭᠡᠷᠡᠴᠢᠯᠡᠵᠦ ᠪᠤᠢ᠃       ᠮᠣᠩᠭᠤᠯᠴᠣᠳ ᠭᠡᠳᠡ ᠶᠢᠨ ᠭᠠᠯ ᠢ ᠳᠡᠭᠷᠢ ᠶᠢᠨ ᠭᠠᠯ ᠭᠡᠳᠡᠭ ᠪᠦᠭᠡᠳ ᠪᠠᠰᠠ ᠳᠡᠭᠡᠳᠦᠰ ᠤᠨ ᠭᠠᠯ ᠭᠡᠵᠦ  ᠦᠵᠡᠳᠡᠭ᠃ ᠲᠠᠶᠢᠮᠣ ᠠᠴᠠ ᠦᠭᠡᠯᠵᠢᠨ ᠰᠠᠷ᠎ᠠ ᠶᠢᠨ ᠬᠤᠷᠢᠨ ᠭᠤᠷᠪᠠᠨ᠂ ᠬᠤᠷᠢᠨ ᠲᠦᠷᠪᠡᠨ ᠳᠤ ᠭᠠᠯ ᠳᠠᠭᠢᠬᠤ ᠳᠤ  ᠵᠠᠪᠠᠯ ᠭᠡᠳᠡ ᠴᠠᠭᠢᠭᠤᠷ ᠢᠶᠠᠷ ᠭᠠᠯ ᠢᠶᠠᠨ ᠨᠣᠴᠣᠭᠠᠬᠤ ᠶᠣᠰᠣᠳᠠᠢ ᠪᠠᠶᠢᠳᠠᠭ ᠶᠣᠮ᠃ ᠪᠠᠰᠠ ᠶᠠᠮᠠᠷ ᠨᠢᠭᠡᠨ ᠰᠢᠨ᠎ᠠ  ᠵᠦᠢᠯ ᠡᠭᠢᠯᠡᠭᠦ ᠭᠠᠯ ᠪᠤᠶᠣ ᠵᠢᠯ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠤ ᠭᠠᠯ ᠵᠢᠴᠢ ᠪᠠᠶᠠᠷ ᠳᠣᠷᠠᠰᠬᠠᠯ ᠤᠨ  ᠭᠠᠯ ᠢ ᠠᠩᠬ᠎ᠠ ᠨᠣᠴᠣᠭᠠᠬᠤ ᠳᠤ ᠵᠠᠪᠠᠯ ᠭᠡᠳᠡ ᠴᠠᠭᠢᠭᠤᠷ ᠢᠶᠠᠷ ᠨᠣᠴᠣᠭᠠᠳᠠᠭ ᠵᠠᠩᠰᠢᠯ ᠲᠠᠢ ᠪᠠᠷ ᠪᠠᠷᠠᠬᠤ ᠦᠭᠡᠢ  ᠦᠩᠭᠡᠷᠡᠭᠰᠡᠨ ᠭᠦᠮᠦᠨ ᠤ ᠴᠡᠭᠡᠷ ᠭᠤᠮᠣᠳᠠᠯ ᠲᠠᠶᠢᠯᠵᠣ ᠰᠡᠷᠭᠡᠶᠢᠯᠡᠯᠳᠡ ᠭᠢᠭᠦ ᠶᠢᠨ ᠦᠶ᠎ᠡ ᠶᠢᠨ ᠭᠠᠯ ᠢ ᠨᠣᠴᠣᠭᠠᠬᠤ ᠳᠤ  ᠯᠠᠮᠠ ᠠᠴᠠ ᠵᠠᠪᠠᠯ ᠭᠡᠳᠡ ᠴᠠᠭᠢᠭᠤᠷ ᠢᠶᠠᠷ ᠨᠣᠴᠣᠭᠠᠵᠣ ᠦᠭᠳᠡᠭ ᠪᠢᠯᠡ᠃        ᠪᠠᠰᠠ ᠵᠠᠩ ᠦᠢᠯᠡ ᠶᠢᠨ ᠣᠶᠣᠨ ᠪᠣᠳᠢ ᠳᠤ ︽ᠪᠡᠷᠢ ᠪᠠᠭᠤᠯᠭᠠᠬᠤ ᠭᠤᠣᠯ ᠨᠠᠶᠢᠷ ᠤᠨ ᠠᠩᠬᠠᠨ ᠤ ᠰᠦᠨᠢ  ᠭᠦᠦ ᠪᠡᠷᠢ ᠪᠠᠨ ᠣᠨᠳᠠᠭᠤᠯᠬᠤ᠂ ᠵᠡᠩᠰᠢᠯ ᠲᠠᠢ ᠪᠠᠶᠢᠳᠠᠬ︾ ᠡᠭᠦᠨ ᠢ ᠭᠡᠳᠡ ᠴᠠᠭᠢᠭᠤᠷ ᠭᠠᠯ ᠭᠠᠷᠭᠠᠬᠤ ᠭᠡᠵᠦ  ᠭᠡᠯᠡᠳᠡᠭ᠃ ᠡᠨᠡ ᠣᠴᠢᠷ ᠢ ᠬᠤᠶᠠᠷ ᠲᠠᠯ᠎ᠠ ᠶᠢᠨ ᠪᠡᠷᠭᠡᠳ ᠠᠴᠠ ᠭᠦᠢᠴᠡᠳᠭᠡᠳᠡᠭ᠃ ︽ᠡᠷ᠎ᠡ ᠡᠮ᠎ᠡ ᠶᠢᠨ  ᠪᠠᠷᠢᠯᠳᠣᠯᠭ᠎ᠠ᠂ ᠨᠢᠭᠡ ᠨᠠᠰᠣᠨ ᠶᠠᠪᠤᠳᠠᠯ ᠡᠪ ᠨᠡᠶᠢᠷ ᠲᠠᠢ᠂ ᠢᠨᠠᠭ ᠬᠠᠯᠠᠭᠤᠨ ᠭᠠᠯ ᠰᠠᠶᠢᠬᠠᠨ ᠣᠨᠳᠠ︾ ᠭᠡᠳᠡᠭ᠃  ︽ᠭᠦᠦ ᠶᠢ ᠭᠠᠯ ᠳᠡᠭᠷᠢ ᠪᠦᠷᠭᠦᠵᠦ ᠪᠠᠶᠢᠨ᠎ᠠ︾ ᠭᠡᠭᠦ ᠳᠤ ︽ᠭᠡᠥᠭᠡᠨ ᠢ ᠭᠠᠯ ᠳᠡᠯᠡᠭᠡᠢ ᠪᠦᠷᠭᠦᠵᠦ ᠪᠠᠶᠢᠨ᠎ᠠ︾ ᠭᠡᠵᠦ  ᠭᠦᠦ ᠪᠠᠷᠢ ᠪᠠᠨ ᠴᠤᠭ ᠵᠢᠪᠬᠤᠭ᠎ᠠ ᠪᠠᠳᠠᠷᠠᠬᠤ ᠶᠢ ᠢᠷᠦᠭᠡᠨ ᠵᠦᠩᠨᠡᠳᠡᠭ ᠪᠤᠯᠠᠢ᠃        ᠭᠡᠳᠡ ᠶᠢᠨ ᠵᠦᠢᠯ ᠢᠯᠭᠠᠯ ᠳᠤ ᠶᠡᠭᠡ᠂ ᠪᠠᠭ᠎ᠠ ᠬᠤᠶᠠᠷ ᠵᠦᠢᠯ ᠪᠠᠶᠢᠳᠠᠭ᠃ ᠭᠡᠳᠡ ᠶᠢᠨ ᠭᠡᠯᠪᠡᠷᠢ ᠪᠠᠶᠢᠳᠠᠯ ᠨᠢ  ᠭᠡᠪᠡᠯ ᠴᠢᠨᠠᠷ ᠰᠠᠶᠢᠨ ᠭᠠᠩ ᠲᠡᠮᠣᠷ ᠢ ᠳᠠᠪᠳᠠᠵᠣ᠂ ᠬᠤᠶᠠᠷ ᠠᠴᠠ ᠭᠤᠷᠪᠠᠨ ᠢᠮᠡᠬᠤ ᠣᠷᠳᠣ᠂ ᠬᠤᠷᠣᠭᠤ ᠭᠢᠷᠢ  ᠦᠷᠭᠡᠨ ᠰᠠᠪᠬᠠᠨ ᠴᠢᠨᠡᠭᠡᠨ ᠵᠣᠵᠠᠭᠠᠨ ᠲᠠᠯ᠎ᠠ ᠰᠠᠷᠠᠨ ᠭᠡᠯᠪᠡᠷᠢ ᠲᠠᠢ᠂ ᠳᠡᠬᠡᠳᠦ ᠳᠠᠯ᠎ᠠ ᠶᠢ ᠨᠢ ᠬᠤᠶᠠᠷ ᠠᠴᠠ ᠭᠤᠷᠪᠠᠨ  ᠬᠤᠷᠣᠭᠤ ᠣᠷᠴᠢᠮ ᠦᠭᠡᠷ ᠤᠨ ᠰᠢᠷᠢ ᠪᠠ ᠪᠤᠯᠢᠭᠠᠷᠢ ᠵᠡᠷᠭᠡ ᠪᠠᠷ ᠣᠭᠤᠳᠠ ᠲᠠᠭᠠᠷᠠᠭᠤᠯᠵᠣ᠂ ᠳᠡᠭᠡᠷ᠎ᠡ ᠨᠢ ᠲᠡᠮᠣᠷ  ᠪᠤᠶᠣ ᠪᠣᠰᠣᠳ ᠵᠦᠢᠯ ᠢᠶᠠᠷ ᠭᠦᠪᠡᠭᠡᠯᠡᠵᠦ᠂ ᠣᠭᠤᠳᠠᠨ ᠳᠤ ᠪᠠᠨ ᠭᠡ ᠣᠭᠠᠯᠵᠠ ᠳᠠᠭᠠᠷᠠᠭᠤᠯᠵᠣ᠂ ᠣᠭᠤᠳᠠ ᠨᠢ  ᠠᠷᠣ ᠦᠪᠡᠷ ᠢᠯᠭᠠᠵᠣ᠂ ᠳᠣᠲᠣᠷ᠎ᠠ ᠨᠢ ᠣᠯᠠ ᠡᠪᠡᠰᠦ ᠦᠴᠦᠭᠡᠨ ᠬᠠᠳᠠ ᠪᠠᠨ ᠭᠢᠨ᠎ᠡ᠃ ᠣᠭᠤᠳᠠᠨ ᠤ ᠳᠣᠲᠣᠷ᠎ᠠ  ᠬᠠᠳᠠ ᠬᠤᠶᠠᠷ ᠭᠡᠰᠡᠭ ᠪᠠᠶᠢᠬᠤ ᠭᠡᠷᠡᠭᠳᠡᠢ᠂ ᠭᠤᠷᠪᠠ ᠪᠠᠶᠢᠬᠤ ᠶᠢ ᠴᠡᠭᠡᠷᠯᠡᠨ᠎ᠡ᠃ ᠣᠯᠡ ᠡᠪᠡᠰᠦ ᠪᠠᠨ ᠰᠠᠶᠢᠬᠠᠨ  ᠨᠠᠶᠢᠷᠠᠭᠤᠯᠵᠣ ᠲᠠᠯᠪᠢᠨ᠎ᠠ᠃ ᠭᠡᠳᠡ ᠴᠠᠭᠢᠭᠤᠷ ᠢᠶᠠᠨ ᠴᠠᠭᠢᠮᠠᠭᠴᠠ ᠲᠦᠷᠭᠡᠨ ᠨᠣᠴᠣᠭᠠᠬᠤ ᠪᠠᠷ ᠪᠡᠯᠡᠭᠡᠨ ᠪᠤᠯᠭᠠᠵᠣ  ᠲᠠᠯᠪᠢᠳᠠᠭ᠃        ᠮᠣᠩᠭᠤᠯᠴᠣᠳ ᠭᠡᠳᠡ ᠪᠠᠨ ᠮᠥᠩᠭᠦ ᠵᠡᠰ ᠭᠠᠥᠯᠢ ᠲᠡᠮᠣᠷ ᠵᠡᠷᠭᠡ ᠪᠠᠷ ᠭᠤᠶᠣ ᠰᠠᠶᠢᠬᠠᠨ ᠣᠷᠠᠯᠠᠵᠣ ᠡᠯᠳᠡᠪ  ᠵᠦᠢᠯ ᠤᠨ ᠭᠡ ᠣᠭᠠᠯᠵᠠ᠂ ᠪᠠᠳᠮ᠎ᠠ᠂ ᠬᠤᠸᠠᠷ ᠴᠡᠴᠡᠭ᠂ ᠰᠠᠷᠢᠰᠣᠨ ᠪᠠᠭᠪᠠᠭ᠋ᠠᠢ᠂ ᠬᠤᠣᠰ ᠵᠢᠭᠠᠰᠣ᠂ ᠬᠤᠣᠰ  ᠪᠤᠭᠤ᠂ ᠡᠯᠳᠡᠪ ᠵᠦᠢᠯ ᠤᠨ ᠪᠡᠯᠭᠡ ᠳᠠᠮᠪᠠᠷᠡᠯ ᠲᠠᠢ ᠵᠦᠢᠯ᠂ ᠲᠠᠪᠤᠨ ᠭᠦᠴᠦᠳᠡᠨ ᠪᠠ ᠰᠦᠮ᠎ᠡ ᠰᠣᠪᠣᠷᠭ᠎ᠠ ᠵᠡᠷᠭᠡ ᠶᠢᠨ  ᠰᠡᠶᠢᠯᠣᠮᠠᠯ ᠭᠠᠷᠭᠠᠵᠣ ᠳᠡᠭᠡᠷ᠎ᠡ  ᠨᠢ  ᠱᠢᠷᠦ  ᠰᠣᠪᠣᠳ᠂ ᠨᠣᠮᠢᠨ ᠣᠭᠶᠦ᠂ ᠡᠯᠳᠡᠪ ᠵᠦᠢᠯ ᠤᠨ ᠡᠷᠳᠡᠨᠢ ᠶᠢᠨ ᠬᠠᠳᠠ  ᠵᠡᠷᠭᠡ ᠶᠢ ᠰᠢᠬᠢᠳᠭᠡᠭᠰᠡᠨ ᠪᠠᠶᠢᠳᠠᠭ ᠪᠦᠭᠡᠳ ᠭᠡᠵᠢᠶᠡᠳᠡ ᠪᠦᠰᠡᠨ ᠤ ᠪᠠᠨ ᠵᠡᠭᠦᠨ ᠲᠠᠯ᠎ᠠ ᠳᠤ ᠵᠡᠭᠦᠵᠦ ᠶᠠᠪᠤᠳᠠᠭ  ᠵᠠᠩᠰᠢᠯ ᠲᠠᠢ ᠪᠠᠶᠢᠳᠠᠭ ᠶᠣᠮ᠃       ᠴᠠᠭᠢᠭᠤᠷ ᠤᠨ ᠬᠠᠳᠠᠨ ᠳᠤ ᠣᠯᠠᠨ ᠵᠦᠢᠯ ᠪᠠᠶᠢᠳᠠᠭ᠃ ᠴᠠᠭᠢᠭᠤᠷ ᠤᠨ ᠬᠠᠳᠠ ᠭᠤᠣᠯᠳᠠᠭᠤ ᠠᠯᠠᠱᠠ ᠵᠡᠷᠭᠡ  ᠭᠠᠵᠠᠷ ᠲᠤ ᠠᠷᠪᠢᠨ ᠪᠠᠶᠢᠳᠠᠭ᠃ ᠴᠠᠭᠢᠭᠤᠷ ᠴᠢᠯᠠᠭᠤ ᠶᠢ ᠡᠷᠢᠭᠡᠨ ᠴᠢᠯᠠᠭᠤ ᠭᠡᠳᠡᠭ ᠪᠠᠰᠠ ᠣᠯᠠᠭᠠᠨ ᠬᠠᠰ ᠴᠢᠯᠠᠭᠤ  ᠭᠡᠳᠡᠭ᠃ ᠡᠭᠦᠨ ᠳᠤ ᠡᠯᠢᠭᠡᠨ ᠭᠦᠷᠡᠩ ᠦᠡᠭᠭᠡ᠂ ᠤᠯᠠᠭᠠᠨ ᠦᠡᠭᠭᠡ ᠲᠠᠢ᠂ ᠴᠠᠭᠠᠨ ᠦᠡᠭᠭᠡ ᠲᠠᠢ᠂ ᠬᠠᠷ᠎ᠠ  ᠦᠡᠭᠭᠡ ᠲᠠᠢ᠂ ᠠᠯᠠᠭ ᠦᠡᠭᠭᠡ ᠲᠠᠢ᠂ ᠭᠦᠷᠡᠩ ᠪᠠ ᠤᠯᠠᠭᠠᠨ ᠦᠡᠭᠭᠡ ᠵᠡᠷᠭᠡ ᠠᠷᠪᠢᠨ ᠵᠦᠢᠯ ᠤᠨ ᠬᠠᠳᠠ ᠭᠡᠷᠡᠭᠯᠡᠳᠡᠭ ᠃ ᠮᠣᠩᠭᠤᠯᠴᠤᠳ ᠭᠠᠯ ᠤᠨ ᠡᠭᠡ ᠬᠠᠳᠠ — ᠪᠤᠯᠤᠷ ᠬᠠᠳᠠ ᠶᠢ ᠪᠤᠯ ᠦᠪᠡᠷ ᠢᠶᠠᠨ ᠭᠢᠳᠡᠭ ᠨᠢ ᠠᠷᠪᠢᠨ᠂  ᠦᠩᠭᠡᠷᠡᠭᠰᠡᠨ ᠳᠤ ᠭᠡᠳᠡ ᠭᠢᠳᠡᠭ ᠣᠷᠠᠨ ᠲᠠᠷᠬᠠᠨ ᠠᠷᠪᠢᠨ ᠪᠠᠶᠢᠭᠰᠠᠨ ᠪᠤᠯᠤᠯᠳᠠᠢ᠃ ᠮᠣᠩᠭᠤᠯᠴᠣᠳ ᠭᠡᠳᠡ  ᠴᠠᠭᠢᠭᠤᠷ ᠢᠶᠠᠨ ᠲᠦᠢᠯ ᠢᠶᠠᠷ ᠡᠷᠭᠢᠮᠨᠠᠨ ᠭᠦᠨᠳᠦᠳᠭᠡᠵᠦ ᠦᠵᠡᠳᠡᠭ ᠪᠤᠯᠬᠤᠷ ᠴᠡᠭᠡᠷᠯᠡᠭᠦ ᠵᠦᠢᠯ ᠴᠦ ᠠᠷᠪᠢᠨ ᠪᠠᠶᠢᠳᠠᠭ ᠃ ᠭᠡᠳᠡ ᠴᠠᠭᠢᠭᠤᠷ ᠢᠶᠠᠨ ᠬᠠᠮᠢᠶ᠎ᠠ ᠨᠠᠮᠢᠶ᠎ᠠ ᠦᠭᠡᠢ ᠠᠳᠡ ᠲᠡᠨᠳᠡ ᠬᠠᠶᠠᠬᠤ ᠦᠭᠡᠢ᠂ ᠪᠡᠶ᠎ᠡ ᠳᠤ ᠪᠠᠨ ᠠᠪᠬᠤ ᠦᠭᠡᠢ  ᠦᠶ᠎ᠡ ᠳᠤ ᠳᠡᠭᠡᠷ᠎ᠡ ᠭᠠᠵᠠᠷ ᠬᠠᠳᠠᠭᠠᠯᠠᠵᠦ ᠲᠠᠯᠪᠢᠳᠠᠭ᠂ ᠭᠡᠥᠭᠡᠳ ᠰᠢᠥᠬᠠᠳ ᠢᠶᠠᠷ ᠨᠠᠭᠠᠳᠣᠭᠤᠯᠬᠤ ᠶᠢ ᠴᠡᠭᠡᠷᠯᠡᠳᠡᠭ᠂  ᠵᠠᠯᠠᠭᠤ ᠭᠦᠮᠦᠨ ᠨᠠᠰᠣᠳᠠᠶᠢᠴᠣᠳ ᠲᠤ ᠲᠠᠮᠠᠭᠢ ᠨᠤᠴᠤᠭᠠᠵᠦ ᠦᠭᠭᠦ ᠳᠤ ᠪᠠᠨ ᠭᠤᠷᠪᠠ ᠣᠳᠠᠭ᠎ᠠ ᠴᠠᠭᠢᠭᠠᠳ ᠭᠠᠯ  ᠰᠠᠭᠤᠯᠭᠠᠵᠣ ᠴᠢᠳᠠᠬᠤ ᠦᠭᠡᠢ ᠪᠤᠯ ᠪᠡᠯᠭᠡ ᠮᠠᠭᠤ ᠭᠡᠳᠡᠭ᠂ ᠡᠷ᠎ᠡ ᠪᠦᠰᠡᠳᠡᠢ ᠭᠦᠮᠦᠨ ᠪᠢᠯᠠᠭᠤ᠂ ︵ᠭᠡᠳᠡ᠂ ᠭᠢᠳᠤᠭ᠎ᠠ ︶ ᠪᠦᠰᠡ ᠪᠠᠨ ᠪᠡᠶ᠎ᠡ ᠠᠴᠠ ᠪᠠᠨ ᠰᠠᠯᠭᠠᠬᠤ ᠶᠢ ᠴᠡᠭᠡᠷᠯᠡᠨ᠎ᠡ᠂ ᠭᠡᠳᠡ ᠪᠠᠨ ᠭᠡᠭᠡᠵᠣ ᠠᠯᠳᠠᠪᠠᠯ ᠪᠡᠯᠭᠡ ᠮᠠᠭᠤ ᠭᠠᠷᠣᠯᠭ᠎ᠠ  ᠭᠠᠷᠣᠨ᠎ᠠ ᠭᠡᠨ᠎ᠡ᠂ ᠭᠡᠶᠢᠮᠣᠷᠢ ᠭᠡᠪᠳᠡᠨ᠎ᠡ ᠭᠡᠨ᠎ᠡ᠂ ᠭᠡᠳᠡᠨ ᠳᠡᠭᠡᠭᠦᠷ ᠠᠯᠬᠤᠬᠤ ᠪᠤᠶᠣ ᠭᠢᠰᠭᠡᠪᠡᠯ ᠭᠦᠯ ᠳᠤ ᠶᠠᠷ᠎ᠠ  ᠭᠠᠷᠣᠨ᠎ᠠ ᠭᠡᠨ᠎ᠡ᠃ ᠭᠦᠮᠦᠨ ᠤ ᠭᠡᠳᠡ ᠶᠢ ᠳᠣᠷ᠎ᠠ ᠪᠠᠷ ᠪᠠᠷᠢᠬᠤ᠂ ᠵᠦᠪᠰᠢᠶᠠᠷᠠᠯ ᠦᠭᠡᠢ ᠪᠠᠷ ᠴᠡᠭᠢᠬᠤ ᠪᠤᠶᠣ ᠨᠡᠭᠡᠭᠦ ᠶᠢ  ᠴᠡᠭᠡᠷᠯᠡᠨ᠎ᠡ ︵ᠡᠵᠡᠨ ᠢ ᠨᠢ ᠴᠣᠭᠢᠭᠰᠠᠨ ᠲᠠᠢ ᠠᠳᠠᠯᠢ︶᠃ ᠮᠣᠩᠭᠤᠯᠴᠣᠳ ᠭᠡᠳᠡ ᠴᠠᠭᠢᠭᠤᠷ ᠢᠶᠠᠨ ᠭᠠᠯ  ᠭᠠᠷᠭᠠᠬᠤ ᠳᠤ ᠭᠡᠷᠡᠭᠯᠡᠭᠦ ᠠᠴᠠ ᠭᠠᠳᠠᠨ᠎ᠠ ᠪᠠᠰᠠ ᠪᠡᠶ᠎ᠡ ᠳᠤ ᠪᠠᠶᠢᠪᠠᠯ ᠠᠯᠢᠪᠠ ᠠᠳᠠ ᠳᠤᠳᠬᠠᠷ᠂ ᠭᠠᠢ ᠪᠠᠷᠴᠢᠳ ᠢ  ᠠᠷᠢᠯᠭᠠᠬᠤ ᠷᠢᠳᠢ ᠰᠢᠳᠢ ᠭᠡᠮᠡᠨ ᠦᠵᠡᠳᠡᠭ᠃ ᠰᠦᠨᠢ ᠠᠶᠠᠨ ᠵᠠᠮ ᠳᠤ ᠰᠡᠵᠢᠭ ᠲᠠᠢ ᠵᠦᠢᠯ ᠲᠠᠭᠠᠷᠠᠪᠠᠯ ᠭᠡᠳᠠ  ᠴᠠᠭᠢᠭᠤᠷ ᠢᠶᠠᠨ ᠭᠠᠷᠭᠠᠵᠣ ᠴᠡᠭᠢᠵᠣ ᠣᠴᠢ ᠭᠠᠷᠭᠠᠪᠠᠯ ᠭᠠᠢ ᠪᠠᠷᠴᠢᠳ ᠠᠷᠢᠯᠣᠨ᠎ᠠ ᠭᠡᠳᠡᠭ᠂ ᠡᠭᠦᠨ ᠢᠶᠠᠷ ᠬᠠᠷᠠᠩᠭᠤᠢ  ᠰᠦᠨᠢ ᠴᠢᠨ᠋᠊ ᠦᠠ᠋ ᠨᠣᠬᠠᠢ ᠶᠢᠨ ᠠᠶᠣᠯ ᠢ ᠠᠷᠢᠯᠭᠠᠵᠣ ᠴᠢᠳᠠᠨ᠎ᠠ᠂ ᠪᠠᠰᠠ ᠭᠡᠳᠡ ᠴᠠᠭᠢᠭᠤᠷ ᠤᠨ ᠲᠡᠮᠣᠷ ᠪᠠ ᠬᠠᠳᠠ ᠪᠠᠷ  ᠭᠠᠯ ᠨᠠᠮᠣᠰᠣ ᠵᠡᠷᠭᠡ ᠶᠠᠷ᠎ᠠ ᠰᠢᠷᠬ᠎ᠠ ᠶᠢ ᠱᠦᠷᠭᠦᠭᠡᠪᠡᠯ ᠲᠦᠷᠭᠡᠨ ᠡᠳᠡᠭᠡᠷᠡᠳᠡᠭ ᠪᠦᠭᠡᠳ ᠪᠢᠳᠡᠭᠦᠦ ᠰᠦᠨᠢ ᠣᠰᠣ  ᠠᠰᠬᠠᠭᠠᠳ ᠭᠠᠷᠣᠭᠰᠠᠨ ᠶᠠᠷ᠎ᠠ ᠶᠢ ᠱᠦᠷᠭᠦᠭᠡᠪᠡᠯ᠂ ᠶᠠᠷ᠎ᠠ ᠨᠢ ᠲᠦᠷᠭᠡᠨ ᠡᠳᠡᠭᠡᠷᠡᠳᠡᠭ ᠭᠡᠨ᠎ᠡ᠂ ᠪᠠᠰᠠ ᠭᠡᠥᠭᠡᠳ ᠤᠨ  ᠨᠢᠭᠤᠷ ᠲᠤ ᠭᠠᠷᠣᠭᠰᠠᠨ ᠶᠠᠷ᠎ᠠ ᠳᠤ ᠰᠠᠶᠢᠨ ᠪᠠᠶᠢᠳᠠᠭ ᠭᠡᠨ᠎ᠡ᠃
 
    
 
 
  
 
2014-2015 ©                      蒙ICP备05070829号