ᠨᠢᠭᠡ᠂ ᠵᠠᠮᠰᠦ᠋ᠷᠦᠩ ᠤᠨ ᠲᠠᠮᠳᠢᠨᠰᠦ᠋ᠷᠦᠩ | ᠲᠠᠮᠳᠢᠨᠰᠦ᠋ᠷᠦᠩ ᠴᠢᠩ ᠤᠯᠤᠰ ᠤᠨ | ᠪᠦᠷᠢᠨᠲᠦ ᠵᠠᠰᠠᠭᠴᠢ ᠶᠢᠨ ᠠᠷᠪᠠᠲᠤᠭᠠᠷ ᠤᠨ | ︵1871 ᠤᠨ︶ ᠳᠤ ᠬᠦᠯᠦᠨ ᠪᠤᠶᠢᠷ ᠤᠨ ᠰᠢᠨ᠎ᠡ | ᠪᠠᠷᠭᠤ ᠵᠠᠭᠦᠨ ᠭᠠᠷ ᠤᠨ ᠰᠢᠯᠤᠭᠤᠨ ᠴᠠᠭᠠᠨ | ᠬᠤᠰᠢᠭᠤᠨ ᠤ ᠭᠤᠲᠠᠭᠠᠷ ᠰᠤᠮᠤᠨ ︵ᠤᠲᠤ ᠶᠢᠨ | ᠰᠢᠨ᠎ᠡ ᠪᠠᠷᠭᠤ ᠵᠠᠭᠦᠨ ᠬᠤᠰᠢᠭᠤᠨ ᠤ | ᠠᠮᠤᠭᠤᠯᠠᠩ ᠪᠤᠯᠠᠭ ᠰᠤᠮᠤ︶ ᠤ ᠬᠦᠢᠴᠡᠯᠢᠭ | ᠬᠠᠯᠠ ᠶᠢᠨ ᠵᠠᠮᠰᠦ᠋ᠷᠦᠩ ᠤᠨ ᠬᠦᠪᠡᠭᠦᠨ | ᠪᠤᠯᠤᠨ ᠴᠠᠭᠠᠨ ᠬᠤᠰᠢᠭᠤ ᠶᠢᠨ ᠤᠪᠤᠭᠠᠨ ᠤ | ᠠᠷᠤ ᠳᠤ ᠬᠢ《 ᠠᠯᠲᠠᠨ ᠲᠡᠪᠰᠢ 》 ᠭᠡᠮᠡᠬᠦ | ᠭᠠᠵᠠᠷ ᠵᠠᠶᠠᠭᠠᠵᠠᠢ᠃ ᠲᠡᠭᠦᠨ ᠤ ᠡᠴᠢᠭᠡ | ᠵᠠᠮᠰᠦ᠋ᠷᠦᠩ ᠪᠤᠯᠪᠠᠰᠤ ᠰᠢᠯᠤᠭᠤᠨ ᠴᠠᠭᠠᠨ | ᠬᠤᠰᠢᠭᠤᠨ ᠤ ᠭᠤᠲᠠᠭᠠᠷ ᠰᠤᠮᠤᠨ ᠤ ᠵᠠᠩᠬᠢ | ᠪᠦᠭᠡᠳ ᠠᠷᠠᠳ ᠤᠯᠠᠨ ᠤ ᠪᠠᠨ ᠲᠤᠮᠲᠠ《 | ᠡᠮᠡᠭᠡᠨ ᠵᠠᠩᠬᠢ 》 ᠭᠡᠮᠡᠨ ᠠᠯᠲᠠᠷᠰᠢᠵᠠᠢ᠃ | ᠵᠠᠮᠰᠦ᠋ᠷᠦᠩ ᠵᠠᠩᠬᠢ ᠶᠢᠨ ᠬᠠᠲᠤᠨ ᠤᠳᠪᠠᠯᠠ | ᠭᠡᠲᠡᠭ ᠤᠬᠠᠭᠠᠯᠢᠭ ᠰᠡᠷᠭᠦᠯᠡᠩ᠂ ᠵᠢᠰᠤ | ᠴᠢᠷᠠᠢ ᠴᠡᠪᠡᠷ᠂ ᠪᠡᠶ᠎ᠡ ᠪᠠᠶᠢᠲᠠᠯ | ᠭᠤᠩᠭᠠᠯᠢᠭ ᠰᠠᠶᠢᠬᠠᠨ ᠪᠦᠰᠡᠬᠦᠢ ᠪᠠᠶᠢᠵᠠᠢ᠃ | ᠵᠠᠮᠰᠦ᠋ᠷᠦᠩ ᠤᠨ ᠬᠢ ᠲᠠᠪᠤᠨ ᠬᠦᠪᠡᠭᠦᠨ᠂ | ᠲᠦᠷᠪᠡᠨ ᠦᠬᠢᠨ ᠲᠠᠢ ᠦᠨᠢᠷ ᠠᠶᠢᠯ ᠪᠠᠶᠢᠭᠰᠠᠨ | ᠪᠠ ᠲᠠᠮᠳᠢᠨᠰᠦ᠋ᠷᠦᠩ ᠪᠤᠯᠪᠠᠰᠤ | ᠵᠠᠮᠰᠦ᠋ᠷᠦᠩ ᠤᠨ ᠭᠤᠲᠠᠭᠠᠷ ᠬᠦᠪᠡᠭᠦᠨ | ᠶᠤᠮᠰᠠᠨᠵᠠᠢ᠃ ᠵᠠᠮᠰᠦ᠋ᠷᠦᠩ ᠤᠨ ᠬᠦᠪᠡᠭᠦᠨ | ᠠᠴᠠ ᠱᠠᠭᠲᠠᠷᠵᠠ᠂ ᠲᠠᠮᠳᠢᠨᠰᠦ᠋ᠷᠦᠩ ᠨᠠᠷ | ᠵᠠᠰᠠᠭ ᠲᠦᠷᠦ ᠶᠢᠨ ᠠᠯᠪᠠ ᠬᠠᠭᠠᠵᠤ᠂ | ᠴᠡᠷᠢᠭ ᠤᠨ ᠠᠯᠪᠠᠨ ᠳᠤ ᠭᠠᠲᠠᠭᠰᠢ ᠶᠠᠪᠤᠵᠤ | ᠳ᠋ᠠᠨᠪᠠ ᠭᠡᠲᠡᠭ ᠬᠦᠦ ᠨᠢ ᠰᠠᠬᠢᠯ ᠵᠠᠯᠠᠵᠤ | ᠯᠠᠮᠠ ᠪᠤᠯᠤᠭᠰᠠᠨ ᠪᠤᠯᠪᠠᠴᠤ ᠰᠦᠮ᠎ᠡ | ᠬᠡᠶᠢᠳ ᠲᠤᠷ ᠰᠠᠭᠤᠵᠤ ᠯᠠᠮᠠ ᠶᠢᠨ ᠴᠢᠭ ᠶᠢ | ᠬᠦᠭᠡᠭᠡ ᠦᠭᠡᠢ᠂ ᠬᠠᠷᠢᠨ ᠮᠠᠯ ᠰᠦᠷᠦᠭ ᠢᠶᠠᠨ | ᠠᠷᠠᠴᠢᠯᠠᠨ ᠬᠠᠮᠢᠶᠠᠷᠴᠦ᠂ ᠬᠦᠪᠡᠭᠦᠨ | ᠪᠠᠬᠢ ᠨᠢ ᠨᠠᠷᠡᠲᠡᠢ ᠡᠮᠴᠢ ᠯᠠᠮᠠ ᠪᠤᠯᠤᠭᠰᠠᠨ | ᠠᠵᠢ᠃ ᠦᠬᠢᠳ ᠤᠨ ᠲᠤᠲᠤᠷ᠎ᠠ ᠠᠴᠠ | ᠲᠠᠮᠳᠢᠨᠰᠦ᠋ᠷᠦᠩ ᠤᠨ ᠡᠭᠡᠴᠢ | ᠰᠧᠷᠵᠢᠮᠠ ᠨᠢ ᠰᠢᠯᠤᠭᠤᠨ ᠴᠠᠭᠠᠨ | ᠬᠤᠰᠢᠭᠤᠨ ᠤ ᠬᠤᠶᠠᠲᠤᠭᠠᠷ ᠰᠤᠮᠤᠨ ᠤ ᠦᠶ᠎ᠡ | ᠤᠯᠠᠷᠢᠨ ᠵᠠᠯᠭᠠᠮᠵᠢᠯᠠᠬᠤ ᠵᠠᠩᠬᠢ | ᠡᠷᠡᠭᠽᠡᠨᠱᠤᠩᠨᠤ ᠶᠢᠨ ᠡᠬᠡᠨᠡᠷ | ︵ᠡᠷᠬᠢᠮᠪᠠᠲᠦ ᠶᠢᠨ ᠲᠦᠷᠦᠭᠰᠡᠨ ᠡᠬᠡ︶ | ᠪᠤᠯᠵᠤ᠂ ᠦᠬᠢᠨ ᠲᠡᠭᠦᠦ ᠨᠢ ᠰᠢᠨ᠎ᠡ ᠪᠠᠷᠭᠤ | ᠪᠠᠷᠠᠭᠤᠨ ᠭᠠᠷ ᠤᠨ ᠬᠦᠪᠡᠭᠡᠲᠦ ᠬᠦᠬᠡ | ᠬᠤᠰᠢᠭᠤᠨ ᠤ ᠬᠤᠶᠠᠲᠤᠭᠠᠷ ᠰᠤᠮᠤᠨ ᠤ | ᠤᠯᠠᠭᠠᠨ ᠫᠢ ᠲᠠᠯᠠᠩᠭᠤᠳ ᠬᠠᠯᠠ ᠶᠢᠨ | ᠲᠤᠷᠵᠢᠵᠠᠪ ᠤᠨ ᠭᠦᠪᠡᠷᠢ ︵ᠮᠡᠷᠭᠡᠨ ᠭᠦ᠊᠂ | ᠤᠭᠤᠷᠲᠠ︶ ᠶᠢᠨ ᠡᠬᠡᠨᠡᠷ ᠪᠤᠯᠤᠭᠰᠠᠨ ᠠᠵᠢ᠃ | ᠵᠠᠮᠰᠦ᠋ᠷᠦᠩ ᠤᠨ ᠲᠡᠭᠡᠳᠦᠬᠦᠯ ᠨᠢ | ᠨᠡᠷᠡᠲᠡᠢ ᠪᠠᠶᠠᠨ ᠠᠶᠢᠯ ᠪᠠᠶᠢᠭᠰᠠᠨ ᠪᠦᠭᠡᠳ | ᠲᠡᠭᠦᠨ ᠤ ᠦᠶ᠎ᠡ ᠳᠤ ᠴᠦ ᠠᠲᠤᠭᠤ 1000 ᠭᠠᠷᠤᠢ᠂ | ᠦᠬᠡᠷ 200— 300᠂ ᠲᠡᠮᠡᠭᠡ 200᠂ ᠪᠤᠭ ᠮᠠᠯ ᠨᠢ | 3000—4000 ᠤᠷᠴᠢᠮ ᠪᠠᠶᠢᠵᠠᠢ᠃ ᠵᠠᠮᠰᠦ᠋ᠷᠦᠩ | ᠨᠢᠭᠡ ᠤᠲᠠᠭᠠᠨ ᠤ ᠮᠠᠯ ᠤᠨ ᠠᠷᠠᠯᠵᠢᠶᠠᠨ ᠳᠤ | ᠠᠬᠲᠠ ᠮᠤᠷᠢ 80᠂ ᠠᠲᠠᠨ ᠲᠡᠮᠡᠭᠡ 30 ᠶᠢ | ᠬᠤᠲᠠᠯᠲᠤᠵᠤ᠂ ᠬᠤᠲᠠᠯᠲᠤᠭᠰᠠᠨ ᠪᠦᠬᠦᠲᠡ | ᠵᠤᠭᠤᠰ ᠨᠢ 4650 ᠯᠠᠩ ᠴᠠᠭᠠᠨ ᠮᠦᠩᠬᠦ | ᠪᠤᠯᠤᠭᠰᠠᠨ ᠭᠡᠲᠡᠭ ᠶᠠᠷᠢᠶ᠎ᠠ ᠪᠤᠢ᠃ | ᠵᠠᠮᠰᠦ᠋ᠷᠦᠩ ᠤᠨ ᠲᠡᠭᠡᠳᠦᠬᠦᠯ ᠳᠤ ᠲᠤᠮᠤ | ᠲᠤᠰᠢᠶᠠᠯ ᠦᠨᠲᠦᠷ ᠭᠡᠷᠭᠢᠮ ᠬᠦᠯᠢᠶᠡᠭᠰᠡᠨ | ᠬᠦᠮᠦᠨ ᠦᠭᠡᠢ ᠪᠤᠯᠪᠠᠴᠦ ᠭᠠᠷ᠂ ᠬᠤᠰᠢᠭᠤ᠂ | ᠰᠤᠮᠤᠨ ᠳᠤ ᠵᠡᠷᠭᠡ ᠵᠢᠩᠰᠠ ᠲᠠᠢ ᠶᠠᠪᠤᠭᠰᠠᠨ | ᠬᠦᠮᠦᠰ ᠴᠦᠭᠡᠨ ᠦᠭᠡᠢ ᠰᠡᠨ᠃ ᠵᠠᠮᠰᠦ᠋ᠷᠦᠩ ᠤᠨ | ᠭᠠᠲᠠᠭᠠᠷ ᠬᠦᠪᠡᠭᠦᠨ ᠲᠠᠮᠳᠢᠨᠰᠦ᠋ᠷᠦᠩ᠂ | ᠠᠬ᠎ᠠ ᠲᠡᠭᠦᠦ ᠨᠠᠷ ᠠᠴᠠ ᠪᠠᠨ ᠲᠦᠷᠭᠡᠨ ᠵᠠᠩ᠂ | ᠬᠠᠲᠠᠭᠤ ᠦᠭᠡ᠂ ᠴᠢᠩᠭ᠎ᠠ ᠵᠤᠷᠢᠭ᠂ ᠰᠡᠷᠭᠦᠯᠡᠩ | ᠤᠬᠠᠭᠠᠨ ᠢᠶᠠᠷ ᠢᠶᠠᠨ ᠡᠷᠡᠰ ᠰᠢᠯᠭᠠᠷᠠᠨ | ᠲᠤᠲᠤᠷᠠᠵᠤ ᠪᠠᠶᠢᠭᠰᠠᠨ ᠤᠴᠢᠷ᠂ ᠲᠡᠭᠦᠨ ᠤ | ᠡᠴᠢᠭᠡ ᠨᠢ ᠲᠠᠮᠳᠢᠨᠰᠦ᠋ᠷᠦᠩ ᠢ ᠨᠠᠢᠮᠠᠨ | ᠨᠠᠰᠤᠲᠠᠢ ᠳᠤ ᠨᠢ ᠲᠤᠰ ᠬᠤᠰᠢᠭᠤᠨ ᠤ ᠪᠠᠨ | ᠯᠤᠲᠤ ᠪᠢᠴᠢᠭᠡᠴᠢ ᠭᠡᠭᠴᠢ ᠪᠠᠷ ᠪᠠᠭᠰᠢ | ᠵᠠᠯᠠᠵᠤ᠂ ᠮᠠᠨᠵᠤ᠂ ᠮᠤᠩᠭᠤᠯ ᠪᠢᠴᠢᠭ | ᠵᠢᠭᠠᠯᠭᠠᠵᠠᠢ᠃ ᠲᠠᠮᠳᠢᠨᠰᠦ᠋ᠷᠦᠩ ᠠᠷᠪᠠᠨ | ᠲᠠᠪᠤᠨ ᠨᠠᠰᠤᠨ ᠳᠠᠭᠠᠨ ᠰᠢᠨ᠎ᠡ ᠪᠠᠷᠭᠤ | ᠵᠠᠭᠦᠨ ᠭᠠᠷ ᠤᠨ ᠶᠠᠮᠤᠨ ᠤ ᠲᠤᠰᠠᠯᠠᠭᠴᠢ | ᠪᠢᠴᠢᠭᠡᠴᠢ ᠪᠤᠯᠵᠠᠢ᠃ 1889 ᠤᠨ ᠳᠤ ᠠᠷᠪᠠᠨ | ᠨᠠᠢᠮᠠᠨ ᠨᠠᠰᠤᠲᠠᠢ ᠳᠠᠭᠠᠨ ᠬᠤᠶᠠᠭ ᠴᠡᠷᠢᠭ | ᠪᠤᠯᠵᠤ ᠴᠡᠷᠢᠭ ᠤᠨ ᠡᠷᠲᠡᠮ ᠢ ᠰᠢᠮᠲᠠᠨ | ᠰᠤᠷᠴᠤ ᠮᠡᠷᠭᠡᠨ ᠫᠤᠤᠲᠠᠭᠴᠢ ᠪᠤᠯᠪᠠ᠃ | ᠵᠠᠯᠠᠭᠤ ᠨᠠᠰᠤᠨ ᠤ ᠲᠠᠮᠳᠢᠨᠰᠦ᠋ᠷᠦᠩ | ᠡᠶᠢᠨᠬᠦ ᠪᠢᠴᠢᠭ ᠴᠡᠷᠢᠭ ᠤᠨ ᠡᠷᠲᠡᠮ ᠳᠤ | ᠮᠡᠷᠭᠡᠰᠢᠭᠰᠡᠨ ᠤᠴᠢᠷ 1891 ᠤᠨ ᠳᠤ ᠬᠤᠷᠢᠨ | ᠨᠠᠰᠤᠲᠠᠢ ᠳᠠᠭᠠᠨ ᠰᠢᠨ᠎ᠡ ᠪᠠᠷᠭᠤ ᠵᠠᠭᠦᠨ | ᠭᠠᠷ ᠤᠨ ᠶᠠᠮᠤᠨ ᠤ ᠲᠡᠷᠢᠭᠦᠨ ᠪᠢᠴᠢᠭᠡᠴᠢ | ᠪᠤᠯᠤᠨ ᠲᠡᠪᠰᠢᠵᠡᠢ᠃ ᠲᠡᠷᠡ ᠲᠡᠷᠢᠭᠦᠨ | ᠪᠢᠴᠢᠭᠡᠴᠢ ᠪᠠᠷ ᠵᠢᠷᠭᠤᠭᠠᠨ ᠵᠢᠯ | ᠠᠵᠢᠯᠯᠠᠵᠤ᠂ ᠪᠠᠲᠠᠷᠠᠭᠤᠯᠲᠤ ᠲᠦᠷᠦ ᠶᠢᠨ | ᠬᠤᠷᠢᠨ ᠬᠤᠶᠠᠲᠤᠭᠠᠷ ᠤᠨ ︵1896 ᠤᠨ︶ ᠳᠤ | ᠬᠤᠷᠢᠨ ᠵᠢᠷᠭᠤᠭᠠᠨ ᠨᠠᠰᠤᠲᠠᠢ ᠳᠠᠭᠠᠨ | ᠬᠠᠷ᠎ᠠ ᠮᠦᠷᠡᠨ ᠮᠤᠵᠢ ᠶᠢᠨ ᠵᠠᠩᠵᠤᠨ | ᠶᠠᠮᠤᠨ ᠤ ᠵᠦᠪᠰᠢᠶᠡᠷᠡᠯ ᠲᠠᠢ ᠪᠠᠷ | ᠰᠤᠮᠤᠨ ᠤ ᠬᠠᠹᠡᠨ ︵ᠤᠷᠤᠯᠠᠨ | ᠬᠦᠭᠡᠭᠴᠢ︶ ᠢᠶᠠᠷ ᠲᠤᠮᠢᠯᠠᠭᠲᠠᠵᠠᠢ᠃ | ᠬᠠᠷ᠎ᠠ ᠮᠦᠷᠡᠨ ᠮᠤᠵᠢ ᠶᠢᠨ ᠵᠠᠩᠵᠤᠨ | ᠶᠠᠮᠤᠨ ᠠᠴᠠ ᠬᠠᠹᠡᠨ ᠪᠤᠯᠭᠠᠬᠤ ᠳᠠᠭᠠᠨ《 | ᠲᠦᠰᠢᠮᠡᠯ ᠬᠦᠮᠦᠨ ᠤ ᠶᠠᠪᠤᠲᠠᠯ ᠶᠠᠭᠤ ᠶᠢ | ᠴᠢᠬᠤᠯᠠ ᠪᠤᠯᠭᠠᠵᠤ᠂ ᠶᠠᠭᠤ ᠶᠠᠭᠤ ᠶᠢ | ᠴᠡᠭᠡᠷᠯᠡᠯ ᠪᠤᠯᠭᠠᠮᠤᠢ︖》ᠬᠡᠮᠡᠭᠰᠡᠨ | ᠰᠢᠯᠭᠠᠯᠲᠠ ᠶᠢᠨ ᠰᠡᠲᠤᠪ ᠦᠭᠬᠦᠭᠰᠡᠨ ᠳᠤ | ᠲᠠᠮᠳᠢᠨᠰᠦ᠋ᠷᠦᠩ ᠠᠴᠠ《 ᠲᠦᠰᠢᠮᠡᠯ | ᠪᠤᠯᠤᠭᠰᠠᠨ ᠬᠦᠮᠦᠨ ᠦᠷᠦᠰᠢᠶᠡᠯ ᠵᠢᠷᠤᠮ᠂ | ᠬᠢᠴᠢᠶᠡᠩᠬᠦᠢ ᠪᠤᠯᠭᠤᠮᠵᠢᠲᠠᠢ᠂ ᠴᠡᠪᠡᠷ | ᠢᠴᠢᠮᠡᠲᠡᠭᠡᠢ ᠶᠢ ᠴᠢᠬᠤᠯᠠ ᠪᠤᠯᠭᠠᠵᠤ᠂ | ᠬᠠᠷᠬᠢᠰ ᠵᠠᠯᠢᠬᠠᠢ᠂ ᠤᠰᠤᠯ ᠤᠮᠤᠷᠬᠠᠭ᠂ | ᠬᠤᠪᠲᠤᠭ ᠰᠢᠨᠤᠬᠠᠢ ᠶᠢ ᠴᠡᠭᠡᠷᠯᠡᠯ | ᠪᠤᠯᠭᠠᠮᠤᠢ 》ᠭᠡᠮᠡᠨ ᠪᠢᠴᠢᠵᠦ | ᠬᠠᠷᠢᠭᠤᠯᠵᠠᠢ᠃ ᠲᠠᠮᠳᠢᠨᠰᠦ᠋ᠷᠦᠩ ᠤᠷᠤᠯᠠᠨ | ᠬᠦᠭᠡᠭᠴᠢ ᠶᠢᠨ ᠲᠤᠰᠢᠶᠠᠯ ᠳᠤ ᠲᠦᠷᠪᠡᠨ ᠵᠢᠯ | ᠠᠵᠢᠯᠯᠠᠭᠠᠳ᠂ ᠪᠠᠲᠠᠷᠠᠭᠤᠯᠲᠤ ᠲᠦᠷᠦ ᠶᠢᠨ | ᠬᠤᠷᠢᠨ ᠵᠢᠷᠭᠤᠲᠤᠭᠠᠷ ᠤᠨ ︵1900 ᠤᠨ︶ ᠳᠤ | ᠭᠤᠴᠢᠨ ᠨᠠᠰᠤᠲᠠᠢ ᠳᠠᠭᠠᠨ ᠰᠢᠯᠤᠭᠤᠨ ᠴᠠᠭᠠᠨ | ᠬᠤᠰᠢᠭᠤᠨ ᠤ ᠭᠤᠲᠠᠭᠠᠷ ᠰᠤᠮᠤᠨ ᠤ ᠵᠠᠩᠬᠢ | ᠪᠤᠯᠤᠨ ᠲᠡᠪᠰᠢᠵᠡᠢ᠃ ᠰᠢᠷ᠎ᠠ ᠪᠡᠴᠢᠨ ᠵᠢᠯ | ᠪᠤᠶᠤ 1908 ᠤᠨ ᠳᠤ ᠲᠠᠮᠳᠢᠨᠰᠦ᠋ᠷᠦᠩ ᠡᠵᠡᠨ | ᠬᠠᠭᠠᠨ ᠳᠤ ᠪᠠᠷᠠᠭᠠᠲᠠᠬᠤ ᠪᠠᠷ | ᠪᠡᠭᠡᠵᠢᠩ ᠳᠤ ᠬᠦᠷᠦᠭᠰᠡᠨ ᠳᠤ | ᠪᠠᠲᠠᠷᠠᠭᠤᠯᠲᠤ ᠬᠠᠭᠠᠨ ᠦᠭᠡᠳ᠋ᠨ ᠪᠤᠯᠵᠤ | ᠬᠠᠭᠤᠴᠢᠨ ᠬᠠᠭᠠᠨ ᠤ ᠪᠡᠯᠪᠡᠰᠦᠷᠡᠯ᠂ ᠰᠢᠨ᠎ᠡ | ᠬᠠᠭᠠᠨ ᠰᠢᠷᠡᠭᠡᠨ ᠳᠤ ᠰᠠᠭᠤᠬᠤ ᠶᠤᠰᠤᠯᠠᠯ | ᠵᠡᠷᠭᠡ ᠲᠠᠪᠬᠤᠴᠠᠭᠰᠠᠨ ᠤ ᠤᠯᠠᠮ ᠢᠶᠠᠷ | ᠲᠠᠮᠳᠢᠨᠰᠦ᠋ᠷᠦᠩ ᠪᠡᠭᠡᠵᠢᠩ ᠳᠤ ᠤᠯᠠᠨ | ᠰᠠᠷ᠎ᠠ ᠡᠲᠦᠷ ᠰᠠᠭᠤᠬᠤ ᠳᠠᠭᠠᠨ ᠲᠤᠬᠠᠢ ᠶᠢᠨ | ᠦᠶ᠎ᠡ ᠪᠡᠭᠡᠵᠢᠩ ᠳᠤ ᠢᠷᠡᠭᠡᠳ ᠪᠠᠶᠢᠭᠰᠠᠨ | ᠬᠠᠯᠬ᠎ᠠ ᠶᠢᠨ ᠲᠦᠰᠢᠶᠡᠲᠦ ᠬᠠᠨ ᠠᠶᠢᠮᠠᠭ ᠤᠨ | ᠵᠠᠩᠵᠤᠨ ᠬᠠᠨᠳᠤᠲᠤᠷᠵᠢ ᠲᠠᠢ ᠤᠴᠠᠷᠠᠨ | ᠲᠠᠨᠢᠯᠴᠠᠵᠤ ᠲᠤᠲᠤᠨᠤ ᠨᠦᠬᠦᠳ ᠪᠤᠯᠤᠯᠴᠠᠨ᠂ | ᠮᠠᠨᠵᠤ ᠶᠢᠨ ᠲᠦᠷᠦ ᠶᠢᠨ ᠢᠯᠵᠡᠷᠡᠵᠦ ᠪᠤᠢ | ᠪᠠᠶᠢᠲᠠᠯ ᠬᠢᠭᠡᠳ ᠰᠢᠨ᠎ᠡ ᠵᠠᠰᠠᠭ ᠤᠨ | ᠪᠤᠲᠤᠯᠭ᠎ᠠ ᠶᠢ ᠰᠢᠭᠦᠮᠵᠢᠯᠡᠨ᠂ ᠡᠶᠢᠮᠤ | ᠦᠶᠡᠰ ᠲᠤᠷ ᠪᠢᠲᠠᠨ ᠤ ᠮᠤᠩᠭᠤᠯᠴᠤᠳ ᠤᠯᠠᠨ | ᠰᠢᠷᠭᠡᠭ ᠢ ᠨᠡᠶᠢᠯᠡᠭᠦᠯᠵᠦ᠂ ᠲᠦᠮᠡᠨ | ᠵᠢᠩ ᠤᠨ ᠬᠦᠨᠲᠦ ᠶᠢ ᠡᠷᠭᠦᠬᠦ ᠯᠦᠭᠡ | ᠠᠲᠠᠯᠢ᠂ ᠬᠦᠴᠦᠨ ᠴᠢᠲᠠᠯ ᠢᠶᠠᠨ ᠨᠢᠭᠡᠳᠭᠡᠨ | ᠨᠢᠭᠡᠨ ᠵᠡᠷᠭᠡ ᠬᠦᠲᠡᠯᠤᠯᠴᠡᠬᠦ ᠦᠭᠡᠢ ᠶᠠᠮᠠᠷ | ᠴᠠᠭ ᠢ ᠬᠦᠯᠢᠶᠡᠨ᠎ᠡ ᠭᠡᠮᠡᠨ ᠶᠠᠷᠢᠯᠴᠠᠵᠠᠢ᠃ | ᠲᠠᠮᠳᠢᠨᠰᠦ᠋ᠷᠦᠩ ᠨᠤᠲᠤᠭ ᠲᠠᠭᠠᠨ ᠪᠤᠴᠠᠵᠤ | ᠢᠷᠡᠭᠰᠡᠨ ᠤ ᠪᠠᠨ ᠬᠤᠶᠢᠨ᠎ᠠ | ᠬᠠᠨᠲᠤᠲᠤᠷᠵᠢ ᠲᠠᠢ ᠡᠶᠢᠨ | ᠶᠠᠷᠢᠯᠴᠠᠭᠰᠠᠨ ᠢᠶᠠᠨ ᠲᠡᠭᠦᠨ ᠤ | ᠢᠲᠡᠭᠡᠯ ᠲᠠᠢ ᠬᠦᠮᠦᠰ ᠲᠡᠭᠡᠨ ᠶᠠᠷᠢᠲᠠᠭ | ᠪᠠᠶᠢᠵᠠᠢ᠃ ᠲᠡᠷᠡ ᠦᠶ᠎ᠡ ᠳᠤ ᠴᠢᠩ | ᠤᠯᠤᠰ ᠤᠨ ᠲᠦᠷᠦ ᠠᠴᠠ ᠶᠠᠪᠤᠭᠤᠯᠵᠤ | ᠪᠠᠶᠢᠭᠰᠠᠨ ᠰᠢᠨ᠎ᠡ ᠵᠠᠰᠠᠭ ᠤᠨ ᠪᠤᠲᠤᠯᠭ᠎ᠠ | ᠭᠡᠲᠡᠭ ᠰᠢᠨᠡᠳᠬᠡᠯ ᠨᠢ ᠲᠤᠲᠤᠭᠠᠲᠤ | ᠭᠠᠲᠠᠭᠠᠲᠤ ᠮᠤᠩᠭᠤᠯ ᠲᠡᠲᠤᠢ ᠦᠭᠡᠢ ᠬᠦᠯᠦᠨ | ᠪᠤᠶᠢᠷ ᠤᠨ ᠪᠠᠷᠭᠤᠴᠤᠳ ᠢ ᠰᠤᠴᠢᠭᠠᠵᠤ | ᠲᠦᠢᠪᠡᠭᠡᠭᠰᠡᠨ ᠶᠤᠮ᠃ ᠬᠠᠭᠠᠨᠲᠤ ᠤᠷᠤᠰ | ᠤᠯᠤᠰ ᠲᠤ ᠪᠤᠯᠵᠤ ᠪᠠᠶᠢᠭ᠎ᠠ ᠬᠤᠪᠢᠰᠬᠠᠯ ᠤᠨ | ᠨᠦᠯᠦᠭᠡ ᠶᠢ ᠬᠠᠭᠠᠬᠤ ᠨᠡᠷᠡᠶᠢᠲᠦᠯ ᠢᠶᠠᠷ | ᠴᠢᠩ ᠤᠯᠤᠰ ᠲᠡᠭᠦᠨ ᠤ ᠬᠢᠯᠢ ᠵᠠᠯᠭᠠᠲᠠᠭ | ᠮᠤᠩᠭᠤᠯ ᠤᠯᠤᠰ ᠲᠤ ᠦᠢ ᠤᠯᠠᠨ ᠬᠢᠲᠡᠳ | ᠲᠠᠷᠢᠶᠠᠴᠢᠳ ᠢ ᠲᠦᠯᠬᠢᠨ ᠤᠷᠤᠭᠤᠯᠵᠤ | ᠮᠠᠯ ᠤᠨ ᠪᠡᠯᠴᠢᠭᠡᠷ ᠢ | ᠬᠠᠭᠠᠯᠪᠤᠷᠢᠯᠠᠭᠤᠯᠤᠨ ᠲᠠᠷᠢᠶ᠎ᠠ | ᠲᠠᠷᠢᠭᠤᠯᠵᠤ᠂ ᠲᠡᠲᠡᠨ ᠢ ᠵᠠᠬᠢᠷᠬᠤ ᠰᠢᠶᠠᠨ | ︵ᠬᠤᠰᠢᠭᠤ︶ ᠢ ᠪᠠᠶᠢᠭᠤᠯᠬᠤ | ᠪᠤᠯᠤᠭᠰᠠᠨ ᠢᠶᠠᠷ ᠪᠠᠷᠠᠬᠤ ᠦᠭᠡᠢ᠂ 1905 | ᠤᠨ ᠳᠤ ᠪᠠᠷᠭᠤ ᠶᠢᠨ ᠬᠢᠯᠢ ᠶᠢᠨ | ᠬᠠᠷᠠᠭᠤᠤᠯ ᠤᠳ ᠢ ᠬᠢᠲᠡᠳ | ᠬᠠᠷᠠᠭᠤᠤᠯ ᠢᠶᠠᠷ ᠰᠤᠯᠢᠵᠤ᠂ 1881 ᠤᠨ ᠳᠤ | ᠪᠠᠶᠢᠭᠤᠯᠤᠭᠲᠠᠭᠰᠠᠨ ᠬᠦᠯᠦᠨ ᠪᠤᠶᠢᠷ ᠤᠨ | ᠰᠤᠮᠤ ᠶᠢ ᠲᠤᠪᠴᠢᠯᠠᠨ᠂ ᠬᠤᠰᠢᠭᠤ ᠶᠢ | ᠵᠠᠬᠢᠷᠲᠠᠭ ᠮᠡᠶᠢᠷᠡᠨ ᠵᠠᠩᠬᠢ ᠶᠢᠨ | ᠶᠠᠮᠤᠨ ᠢ ᠤᠰᠠᠳᠬᠠᠵᠤ᠂ ᠤᠷᠤᠨ ᠨᠤᠲᠤᠭ ᠤᠨ | ᠵᠠᠬᠢᠷᠭᠠᠨ ᠤ ᠡᠷᠬᠡ ᠶᠢ ᠬᠡᠷᠡᠭ | ᠲᠡᠭᠡᠷ᠎ᠡ ᠪᠠᠨ ᠬᠢᠲᠡᠳ ᠲᠦᠰᠢᠮᠡᠯ | ᠴᠡᠷᠢᠭ ᠤᠨ ᠡᠷᠭᠡᠲᠡᠨ ᠤ ᠭᠠᠷ ᠲᠤ | ᠰᠢᠯᠵᠢᠭᠦᠯᠦᠭᠰᠡᠨ ᠠᠵᠠᠢ᠃ | ᠰᠢᠨᠡᠳᠭᠡᠯ ᠢᠶᠠᠷ ᠬᠢᠭᠲᠡᠵᠦ ᠪᠠᠶᠢᠭ᠎ᠠ | ᠪᠦᠬᠦ ᠵᠤᠶᠢᠯ ᠨᠢ ᠲᠡᠷᠡ ᠨᠤᠲᠤᠭ ᠤᠷᠤᠨ ᠳᠤ | ᠬᠢᠲᠡᠳ ᠢᠷᠭᠡᠳ ᠢ ᠠᠯᠢ ᠪᠤᠯᠬᠤᠷ ᠤᠯᠠᠨ ᠢ | ᠤᠷᠤᠭᠤᠯᠤᠨ ᠪᠠᠷᠭᠤ ᠮᠤᠩᠭᠤᠯᠴᠤᠳ ᠢ | ᠬᠦᠴᠦ ᠪᠠᠷ ᠤᠰᠠᠳᠬᠠᠬᠤ ᠳᠤ ᠴᠢᠭᠯᠡᠵᠡᠢ᠃ 1911 | ᠤᠨ ᠤ ᠰᠡᠭᠦᠯᠴᠢ ᠪᠠᠷ ᠦᠨᠲᠦᠰᠦᠨ ᠤ ᠡᠷᠬᠡ | ᠴᠢᠯᠦᠭᠡᠨ ᠤ ᠬᠦᠲᠡᠯᠭᠡᠭᠡᠨ ᠳᠤ ᠨᠢᠭᠡᠲᠦᠨ | ᠨᠢᠬᠲᠠᠷᠠᠵᠦ ᠲᠡᠮᠵᠢᠯᠭᠡ ᠭᠤᠶᠤᠭᠰᠠᠨ ᠤ | ᠲᠠᠭᠠᠤ ᠤᠷᠤᠰ ᠤᠯᠤᠰ ᠠᠴᠠ ᠠᠷᠤ ᠮᠤᠩᠭᠤᠯ ᠳᠤ | ᠴᠡᠷᠢᠭ ᠵᠡᠪᠰᠡᠭ᠂ ᠶᠤᠰᠤ ᠰᠤᠷᠲᠠᠬᠤᠨ ᠤ | ᠲᠠᠯ᠎ᠠ ᠪᠠᠷ ᠲᠤᠰᠠᠯᠠᠬᠤ ᠪᠤᠯᠤᠭᠰᠠᠨ ᠨᠢ | ᠮᠤᠩᠭᠤᠯᠴᠤᠳ ᠤᠨ ᠲᠡᠮᠡᠴᠡᠯ ᠢ ᠶᠡᠬᠡᠲᠡ | ᠵᠤᠷᠢᠬᠵᠢᠭᠤᠯᠵᠠᠢ᠂ ᠴᠢᠩ ᠤᠯᠤᠰ ᠤᠨ | ᠵᠠᠬᠢᠷᠭ᠎ᠠ ᠶᠢ ᠶᠡᠭᠡ ᠬᠦᠷᠢᠶᠡᠨ ᠠᠴᠠ | ᠬᠦᠭᠡᠭᠡᠨ ᠵᠠᠶᠢᠯᠠᠭᠤᠯᠵᠤ᠂ 1911 ᠤᠨ ᠤ 12 | ᠰᠠᠷ᠎ᠠ ᠶᠢᠨ 29 ᠡᠲᠦᠷ ᠮᠤᠩᠭᠤᠯ ᠤᠨ | ᠲᠦᠷᠦ ᠶᠢᠨ ᠲᠤᠰᠠᠭᠠᠷ ᠲᠤᠬᠲᠠᠨᠢᠯ ᠢ | ᠰᠡᠷᠭᠦᠭᠡᠨ ᠲᠤᠩᠬᠠᠬᠯᠠᠵᠤ᠂ ᠤᠯᠠᠨ᠎ᠠ | ᠡᠷᠭᠦᠭᠲᠡᠭᠰᠡᠨ ᠮᠤᠩᠭᠤᠯ ᠤᠯᠤᠰ ᠢ | ᠪᠠᠶᠢᠭᠤᠯᠤᠨ᠂ ᠬᠠᠯᠬ᠎ᠠ ᠶᠢᠨ ᠰᠢᠷ᠎ᠠ ᠶᠢᠨ | ᠱᠠᠰᠢᠨ ᠤ ᠲᠡᠷᠢᠭᠦᠨ ᠵᠢᠪᠽᠦᠨᠳᠠᠮᠪᠠ | ᠬᠤᠲᠤᠭᠲᠤ ᠶᠢ ᠱᠠᠰᠢᠨ ᠲᠦᠷᠦ ᠶᠢ ᠬᠤᠤᠰᠯᠠᠨ | ᠪᠠᠷᠢᠬᠴᠢ ᠬᠠᠭᠠᠨ ᠢᠶᠠᠷ ᠡᠷᠭᠦᠮᠵᠢᠯᠡᠨ | ᠲᠦᠪ᠂ ᠤᠷᠤᠨ ᠨᠤᠲᠤᠭ ᠤᠨ ᠵᠠᠰᠠᠭ | ᠵᠠᠬᠢᠷᠭ᠎ᠠ ᠶᠢ ᠡᠮᠬᠢᠯᠡᠨ ᠪᠠᠶᠢᠭᠤᠯᠵᠠᠢ᠃ | ᠲᠠᠮᠳᠢᠨᠰᠦ᠋ᠷᠦᠩ᠂ ᠴᠢᠩ ᠤᠯᠤᠰ ᠤᠨ | ᠰᠢᠨ᠎ᠡ ᠵᠠᠰᠠᠭ ᠤᠨ ᠪᠤᠲᠤᠯᠭ᠎ᠠ ᠶᠢᠨ | ᠺᠤᠯᠦᠨᠢᠴᠢᠯᠠᠬᠤ ᠰᠢᠨᠵᠢ ᠴᠢᠨᠠᠷ ᠢ | ᠭᠦᠨᠵᠡᠭᠡᠢ ᠤᠶᠢᠯᠠᠭᠠᠨ ᠡᠰᠡᠷᠭᠦᠴᠡᠵᠦ | ᠪᠠᠶᠢᠭᠰᠠᠨ ᠪᠦᠭᠡᠳ ᠪᠠᠷᠭᠤ ᠳᠤ ᠲᠡᠷᠡ | ᠦᠶ᠎ᠡ ᠳᠤ ᠦᠷᠨᠢᠭᠰᠡᠨ ᠤᠯᠤᠰ ᠲᠦᠷᠦ ᠶᠢᠨ | ᠤᠶᠢᠯᠡ ᠶᠠᠪᠤᠲᠠᠯ ᠨᠢ ᠶᠡᠭᠡ ᠬᠦᠷᠢᠶᠡᠨ ᠳᠤ | ᠮᠤᠩᠭᠤᠯ ᠤᠨ ᠲᠤᠰᠠᠭᠠᠷ ᠲᠤᠬᠲᠠᠨᠢᠯ ᠢ | ᠰᠡᠷᠭᠦᠭᠡᠬᠦ ᠰᠠᠨᠠᠭᠠᠴᠢᠯᠭ᠎ᠠ | ᠭᠠᠷᠭᠠᠭᠰᠠᠨ ᠢ ᠪᠦᠷᠢᠨ ᠲᠡᠮᠵᠢᠵᠦ | ᠪᠠᠶᠢᠯ᠎ᠠ᠃ 1911 ᠤᠨ ᠤ 9 ᠰᠠᠷ᠎ᠠ ᠳᠤ | ᠪᠠᠷᠭᠤ ᠶᠢᠨ ᠨᠤᠶᠠᠳ ᠤᠨ ᠨᠢᠭᠤᠴᠠ ᠬᠤᠷᠠᠯ | ᠪᠤᠯᠪᠠ᠃ ᠲᠡᠭᠦᠨ ᠢ ᠬᠦᠯᠦᠨ ᠪᠤᠶᠢᠷ ᠤᠨ | ᠦᠭᠡᠯᠢᠳ ᠤᠨ ᠪᠦᠭᠦᠲᠡ ᠶᠢᠨ ᠲᠠᠷᠤᠭ᠎ᠠ ᠱᠧᠩ | ᠹᠦ᠋᠂ ᠬᠠᠭᠤᠴᠢᠨ ᠪᠠᠷᠭᠤ ᠶᠢᠨ ᠪᠦᠬᠦᠲᠡ ᠶᠢᠨ | ᠲᠠᠷᠤᠭ᠎ᠠ ᠱᠧᠭᠵᠢ᠂ ᠰᠤᠯᠤᠨ ᠬᠤᠰᠢᠭᠤᠨ ᠤ | ᠪᠦᠭᠦᠲᠡ ᠶᠢᠨ ᠲᠠᠷᠤᠭ᠎ᠠ ᠴᠠᠩᠲᠤ ᠨᠠᠷ | ᠡᠷᠬᠢᠯᠡᠵᠦ᠂ ᠬᠦᠯᠦᠨ ︵ᠤᠲᠤ ᠶᠢᠨ | ᠬᠠᠶᠢᠯᠠᠷ︶ ᠳᠤ ᠰᠠᠭᠤᠵᠤ ᠪᠠᠶᠢᠭᠰᠠᠨ ᠤᠷᠤᠰ | ᠤᠯᠤᠰ ᠤᠨ ᠺᠦᠨᠰᠦᠯ ᠠᠴᠠ ᠲᠡᠮᠵᠢᠯᠭᠡ ᠤᠯᠵᠤ᠂ | ᠮᠠᠨᠵᠤ᠂ ᠬᠢᠲᠡᠳ ᠤᠨ ᠰᠠᠯᠤᠨ ᠲᠤᠰᠭᠠᠷᠯᠠᠬᠤ | ᠠᠰᠠᠭᠤᠲᠠᠯ ᠢ ᠬᠡᠯᠡᠯᠴᠡᠨ ᠵᠡᠪᠰᠡᠭᠲᠦ | ᠪᠤᠰᠤᠯᠭᠠᠨ ᠳᠤ ᠪᠡᠯᠡᠳᠭᠡᠬᠦ ᠰᠡᠢᠳᠪᠤᠷᠢ | ᠭᠠᠷᠭᠠᠵᠤ᠂ ᠤᠷᠤᠨ ᠨᠤᠲᠤᠭ ᠠᠴᠠ ᠮᠢᠩᠭ᠎ᠠ | ᠭᠠᠷᠤᠢ ᠮᠤᠩᠭᠤᠯ ᠴᠡᠷᠢᠭ ᠡᠯᠰᠡᠨ ᠵᠤᠬᠢᠶᠠᠨ | ᠪᠠᠶᠢᠭᠤᠯᠵᠤ᠂ 1912 ᠤᠨ ᠤ 1 ᠰᠠᠷ᠎ᠠ ᠶᠢᠨ 15 | ᠡᠲᠦᠷ ᠵᠠᠪᠰᠡᠭᠲᠦ ᠪᠤᠰᠤᠯᠭ᠎ᠠ ᠭᠠᠷᠭᠠᠵᠤ | ᠬᠦᠯᠦᠨ ︵ᠬᠠᠶᠢᠯᠠᠷ︶ ᠬᠤᠲᠠ ᠶᠢ ᠡᠵᠡᠯᠡᠵᠡᠢ᠃ | ᠤᠭ ᠪᠤᠰᠤᠯᠭᠠᠨ ᠳᠤ ᠰᠢᠨ᠎ᠡ ᠪᠠᠷᠭᠤ ᠵᠡᠭᠦᠨ | ᠭᠠᠷ ᠤᠨ ᠬᠦᠯᠦ ᠴᠠᠭᠠᠨ ᠬᠤᠰᠢᠭᠤᠨ ᠤ | ᠭᠤᠲᠠᠭᠠᠷ ᠰᠤᠮᠤᠨ ᠤ ᠵᠠᠩᠬᠢ ᠪᠠᠶᠢᠭᠰᠠᠨ | ᠲᠠᠮᠳᠢᠨᠰᠦ᠋ᠷᠦᠩ ᠢᠲᠡᠪᠬᠢᠯᠡᠨ ᠤᠷᠤᠯᠴᠠᠵᠤ | ᠵᠤᠬᠢᠶᠠᠨ ᠪᠠᠶᠢᠭᠤᠯᠤᠯᠴᠠᠭᠰᠠᠨ ᠬᠦᠮᠦᠨ ᠤ | ᠨᠢᠭᠡ ᠨᠢ ᠪᠠᠶᠢᠵᠠᠢ᠃ 1912 ᠤᠨ ᠤ | ᠡᠴᠦᠰ ᠢᠶᠠᠷ ᠲᠠᠮᠳᠢᠨᠰᠦ᠋ᠷᠦᠩ ᠲᠡᠷᠢᠭᠦᠲᠡᠢ | ᠲᠤᠯᠤᠭᠠᠨ ᠬᠦᠮᠦᠨ ᠢ ᠶᠡᠭᠡ ᠬᠦᠷᠢᠶ᠎ᠡ ᠵᠦᠭ | ᠤᠴᠢᠭᠤᠯᠵᠤ ᠮᠤᠩᠭᠤᠯ ᠤᠯᠤᠰ ᠲᠠᠢ | ᠬᠠᠷᠢᠴᠠᠭ᠎ᠠ ᠠᠪᠤᠭᠤᠯᠵᠠᠢ᠃ ᠪᠠᠷᠭᠤ ᠳᠤ | ᠪᠤᠯᠤᠭᠰᠠᠨ ᠡᠨᠡ ᠤᠲᠠᠭᠠᠨ ᠤ ᠵᠡᠪᠰᠡᠭᠲᠦ | ᠪᠤᠰᠤᠯᠭ᠎ᠠ ᠨᠢ 1911 ᠤᠨ ᠳᠤ ᠪᠤᠯᠤᠭᠰᠠᠨ | ᠴᠠᠭᠠᠭᠴᠢᠨ ᠭᠠᠭ᠋ᠠᠢ ᠵᠢᠯ ᠤᠨ | ᠦᠨᠲᠦᠰᠦᠲᠡᠨ ᠤ ᠡᠷᠭᠡ ᠴᠢᠯᠦᠭᠡ ᠶᠢ | ᠲᠡᠮᠡᠴᠡᠨ ᠤᠯᠬᠤ ᠪᠠᠷ ᠶᠠᠪᠤᠭᠲᠠᠭᠰᠠᠨ ᠴᠢᠩ | ᠤᠯᠤᠰ ᠤᠨ ᠨᠤᠶᠠᠷᠬᠠᠯ ᠢ ᠲᠦᠯᠬᠢᠨ ᠤᠨᠠᠭᠠᠬᠤ | ᠭᠡᠰᠡᠨ ᠠᠷᠠᠳᠴᠢᠯᠠᠭᠰᠠᠨ ᠬᠤᠪᠢᠰᠬᠠᠯ ᠤᠨ | ᠨᠦᠯᠦᠭᠡ ᠠᠴᠠ ᠰᠠᠯᠤᠰᠢ ᠦᠭᠡᠢ ᠶᠤᠮ᠃ | ᠬᠦᠯᠦᠨ ᠪᠤᠶᠢᠷ ᠤᠨ ᠠᠷᠠᠳ ᠲᠦᠮᠡᠨ ᠢ | ᠲᠦᠯᠦᠭᠡᠯᠡᠨ ᠲᠤᠰᠠᠭᠠᠷ ᠲᠤᠭᠲᠠᠨᠢᠭᠰᠠᠨ | ᠮᠤᠩᠭᠤᠯ ᠤᠨ ᠲᠦᠷᠦ ᠳᠤ ᠵᠢᠳᠬᠦᠬᠦ ᠪᠠᠷ | ᠤᠴᠢᠭᠰᠠᠨ ᠲᠦᠯᠦᠭᠡᠯᠡᠭᠴᠢᠳ ᠢ ᠮᠤᠩᠭᠤᠯ | ᠤᠯᠤᠰ ᠤᠨ ᠵᠠᠰᠠᠭ ᠤᠨ ᠭᠠᠵᠠᠷ | ᠬᠠᠯᠠᠭᠤᠨ ᠢᠶᠠᠷ ᠬᠦᠯᠢᠶᠡᠨ ᠠᠪᠴᠦ | ᠲᠠᠮᠳᠢᠨᠰᠦ᠋ᠷᠦᠩ ᠢ ᠭᠠᠲᠠᠭᠠᠲᠤ ᠬᠡᠷᠡᠭ ᠢ | ᠪᠦᠬᠦᠲᠡ ᠡᠷᠬᠢᠯᠡᠨ ᠰᠡᠢᠳᠬᠡᠭᠴᠢ ᠶᠠᠮᠤᠨ ᠤ | ᠲᠡᠳ᠋ ᠰᠠᠶᠢᠳ ᠢᠶᠠᠷ ᠲᠤᠮᠢᠯᠠᠭᠰᠠᠨ ᠪᠠ | ᠪᠤᠰᠤᠳ ᠨᠦᠭᠦᠳ ᠢ ᠨᠢ ᠪᠠᠰᠠ ᠬᠦᠬᠢᠭᠦᠯᠦᠨ | ᠱᠠᠩᠨᠠᠵᠠᠢ᠃ ᠲᠠᠮᠳᠢᠨᠰᠦ᠋ᠷᠦᠩ ᠤᠨ | ᠬᠠᠭᠤᠴᠢᠨ ᠲᠠᠨᠢᠯ ᠶᠡᠭᠡ ᠬᠦᠷᠢᠶᠡᠨ ᠳᠤ ᠴᠢᠩ | ᠤᠯᠤᠰ ᠤᠨ ᠵᠠᠬᠢᠷᠭᠠᠨ ᠤ ᠡᠰᠡᠷᠭᠦ | ᠬᠤᠪᠢᠰᠬᠠᠯᠲᠤ ᠡᠷᠬᠢᠯᠲᠡ ᠶᠢ ᠭᠤᠤᠯᠯᠠᠨ | ᠵᠤᠬᠢᠶᠠᠨ ᠪᠠᠶᠢᠭᠤᠯᠤᠭᠴᠢ ᠴᠢᠨ ᠸᠠᠩ | ᠬᠠᠨᠲᠤᠲᠤᠷᠵᠢ ᠲᠤᠰ ᠭᠠᠲᠠᠭᠠᠲᠤ ᠬᠡᠷᠡᠭ ᠢ | ᠪᠦᠬᠦᠲᠡ ᠡᠷᠬᠢᠯᠡᠨ ᠰᠡᠢᠳᠬᠡᠭᠴᠢ ᠶᠠᠮᠤᠨ ᠤ | ᠲᠡᠷᠢᠭᠦᠨ ᠰᠠᠶᠢᠳ ᠢᠶᠠᠷ ᠲᠤᠮᠢᠯᠠᠭᠲᠠᠨ | ᠠᠵᠢᠯᠯᠠᠵᠤ ᠪᠠᠶᠢᠵᠠᠢ᠃ ᠭᠤᠷᠪᠠᠨ ᠵᠢᠯ ᠤᠨ | ᠡᠮᠤᠨ᠎ᠡ ᠴᠢᠩ ᠤᠯᠤᠰ ᠤᠨ ᠨᠡᠶᠢᠰᠯᠠᠯ ᠳᠤ | ᠲᠠᠨᠢᠯᠴᠠᠵᠤ ᠮᠤᠩᠭᠤᠯ ᠤᠨ ᠲᠦᠷᠦ ᠶᠢ | ᠰᠡᠷᠭᠦᠭᠡᠨ ᠮᠠᠨᠲᠤᠭᠤᠯᠬᠤ ᠶᠡᠭᠡ ᠬᠡᠷᠡᠭ ᠲᠤ | ᠬᠦᠴᠦ ᠪᠠᠨ ᠨᠢᠭᠡᠳᠭᠡᠨ ᠬᠦᠲᠡᠯᠬᠦ ᠪᠠᠷ | ᠲᠤᠬᠢᠷᠠᠯᠴᠠᠵᠤ ᠲᠤᠰ ᠲᠤᠰ ᠤᠨ ᠨᠤᠲᠤᠭ ᠲᠤ | ᠶᠡᠭᠡ ᠭᠡᠷᠡᠭ ᠢ ᠤᠲᠤᠷᠢᠲᠤᠨ | ᠡᠬᠢᠯᠡᠭᠦᠯᠦᠭᠰᠡᠨ ᠦᠨᠲᠦᠰᠦᠲᠡᠨ ᠤ ᠡᠷᠬᠡ | ᠴᠢᠯᠦᠭᠡᠨ ᠤ ᠲᠦᠯᠦᠭᠡ ᠲᠡᠮᠴᠡᠭᠴᠢᠳ ᠡᠶᠢᠨᠬᠦ | ᠪᠤᠲᠠᠲᠤ ᠤᠶᠢᠯᠠ ᠠᠵᠢᠯᠯᠠᠭᠠᠨ ᠤ | ᠲᠠᠯᠠᠪᠤᠷ ᠲᠤ ᠬᠠᠮᠲᠤᠷᠠᠨ ᠵᠢᠳᠬᠦᠬᠦ | ᠪᠤᠯᠤᠭᠰᠠᠨ ᠠᠵᠢ᠃ ᠴᠢᠩ ᠤᠯᠤᠰ ᠠᠴᠠ | ᠤᠯᠢᠶᠠᠰᠤᠲᠠᠢ ᠳᠤ ᠰᠠᠭᠤᠭ᠎ᠠ ᠵᠠᠩᠵᠤᠨ ᠭᠦᠢ | ᠹᠠᠩ ᠲᠡᠷᠢᠭᠦᠲᠡᠢ ᠡᠷᠬᠡ ᠪᠠᠷᠢᠭᠴᠢᠳ ᠮᠤᠩᠭᠤᠯ | ᠤᠯᠤᠰ ᠤᠨ ᠵᠠᠰᠠᠭ ᠤᠨ ᠭᠠᠵᠠᠷ ᠤᠨ | ᠱᠠᠭᠠᠷᠲᠠᠯᠭ᠎ᠠ ᠪᠠᠷ ᠡᠰᠡᠷᠭᠦᠴᠡᠯ ᠦᠭᠡᠢ | ᠡᠷᠭᠡ ᠲᠤᠰᠢᠶᠠᠯ ᠠᠴᠠ ᠪᠠᠨ 1912 ᠤᠨ ᠤ | ᠡᠬᠢ ᠪᠠᠷ ᠤᠭᠴᠠᠷᠠᠭᠰᠠᠨ ᠲᠤᠯᠠ | ᠤᠯᠢᠶᠠᠰᠤᠲᠠᠢ ᠬᠤᠲᠠ ᠲᠠᠶᠢᠪᠤᠩ ᠵᠠᠮ ᠢᠶᠠᠷ | ᠴᠢᠯᠦᠭᠡᠯᠡᠭᠲᠡᠵᠡᠢ᠃ ᠭᠡᠲᠡᠯ᠎ᠠ | ᠬᠤᠪᠲᠤ ᠶᠢᠨ ᠠᠮᠪᠠᠨ ᠮᠤᠩᠭᠤᠯ ᠤᠯᠤᠰ ᠤᠨ | ᠵᠠᠰᠠᠭ ᠤᠨ ᠭᠠᠵᠠᠷ ᠤᠨ ᠱᠠᠭᠠᠷᠲᠠᠯᠭ᠎ᠠ ᠶᠢ | ᠬᠦᠯᠢᠶᠡᠵᠦ ᠠᠪᠤᠭ᠎ᠠ ᠦᠭᠡᠢ ᠪᠠᠷ ᠪᠠᠷᠠᠬᠤ | ᠦᠭᠡᠢ ᠲᠦᠷᠦ ᠶᠢᠨ ᠡᠯᠴᠢ ᠶᠢ ᠪᠠᠷᠢᠪᠴᠢᠯᠠᠵᠤ | ᠬᠤᠷᠤᠭᠠᠭᠰᠠᠨ ᠲᠤᠯᠠ ᠨᠡᠶᠢᠰᠯᠠᠯ ᠠᠴᠠ | ᠴᠢᠯᠦᠭᠡᠯᠡᠬᠦ ᠴᠡᠷᠢᠭ ᠶᠠᠭᠠᠷᠠᠯᠲᠠᠢ | ᠬᠦᠲᠡᠯᠭᠡᠬᠦ ᠪᠤᠯᠪᠠ᠂ ᠲᠡᠭᠡᠭᠡᠳ | ᠵᠠᠷᠯᠢᠭ ᠢᠶᠠᠷ ᠭᠠᠲᠠᠭᠠᠲᠤ ᠶᠠᠮᠤᠨ ᠤ ᠲᠡᠳ᠋ | ᠰᠠᠶᠢᠳ ᠪᠠᠷᠭᠤ ᠶᠢᠨ ᠭᠦᠩ ᠵ᠊᠂ | ᠲᠠᠮᠳᠢᠨᠰᠦ᠋ᠷᠦᠩ᠂ ᠲᠤᠲᠤᠭᠠᠲᠤ ᠶᠠᠮᠤᠨ ᠤ | ᠲᠡᠳ᠋ ᠲᠦᠰᠢᠮᠡᠯ ᠬᠦᠩ ᠰ᠊᠂ ᠮᠠᠬᠰᠤᠷᠵᠠᠪ ︵1878— | 1927︶ ᠨᠠᠷ ᠢ ᠪᠠᠷᠠᠭᠤᠨ ᠬᠢᠵᠠᠭᠠᠷ ᠢ | ᠲᠦᠪᠰᠢᠳᠭᠡᠨ ᠲᠤᠭᠲᠠᠭᠠᠬᠤ ᠰᠠᠶᠢᠳ ᠢᠶᠠᠷ᠂ | ᠵᠠᠯᠠᠬᠠᠨᠽᠠ ᠬᠤᠲᠤᠭᠲᠤ ᠲᠠᠮᠳᠢᠨᠪᠠᠽᠠᠷ᠂ | ᠵᠤᠷᠢᠬᠲᠤ ᠸᠠᠩ ᠨᠠᠸᠠᠩᠴᠡᠷᠡᠩ ᠨᠠᠷ ᠢ ᠢᠯᠪᠢᠨ | ᠲᠤᠬᠤᠨᠢᠭᠤᠯᠬᠤ ᠰᠠᠶᠢᠳ ᠢᠶᠠᠷ ᠲᠤᠲᠤᠭᠠᠲᠤ | ᠶᠠᠮᠤᠨ ᠤ ᠲᠡᠳ᠋ ᠲᠦᠰᠢᠮᠡᠯ ᠬᠠᠷᠠᠴᠢᠨ ᠬᠦᠩ | ᠬᠠᠶᠢᠰᠠᠩ ᠢ ᠵᠦᠪᠯᠡᠨ ᠲᠤᠰᠠᠯᠠᠬᠤ | ᠰᠠᠶᠢᠳ ᠢᠶᠠᠷ ᠲᠤᠰ ᠲᠤᠰ ᠲᠤᠮᠢᠯᠠᠵᠤ | ᠬᠦᠲᠡᠯᠭᠡᠪᠡ᠃ ᠲᠡᠭᠡᠬᠦ ᠳᠤ ᠰᠠᠶᠢᠳ | ᠲᠠᠮᠳᠢᠨᠰᠦ᠋ᠷᠦᠩ᠂ ᠮᠠᠬᠰᠤᠷᠵᠠᠪ ᠨᠠᠷ | ᠬᠤᠵᠢᠷᠪᠤᠯᠤᠩ ᠤᠨ ᠴᠡᠷᠢᠭ ᠠᠴᠠ ᠲᠤᠰᠪᠤᠷᠢ | ᠬᠤᠷᠢᠨ ᠲᠠᠪᠤᠨ ᠴᠡᠷᠢᠭ ᠢ ᠲᠠᠭᠠᠯᠲᠤᠭᠤᠯᠤᠨ | ᠵᠤᠨ ᠤ ᠡᠬᠢᠨ ᠰᠠᠷ᠎ᠠ ᠶᠢᠨ ᠨᠠᠢᠮᠠᠨ ᠪᠤᠶᠤ | ᠲᠠᠪᠤᠲᠤᠭᠠᠷ ᠰᠠᠷ᠎ᠠ ᠶᠢᠨ 24 ᠡᠲᠦᠷ | ᠬᠤᠪᠲᠤ ᠶᠢᠨ ᠵᠦᠭ ᠲᠠᠶᠢᠯᠠᠷ᠎ᠠ ᠮᠤᠷᠲᠠᠵᠠᠢ᠃ | ᠲᠠᠮᠳᠢᠨᠰᠦ᠋ᠷᠦᠩ᠂ ᠮᠠᠬᠰᠤᠷᠵᠠᠪ ᠨᠠᠷ ᠤᠨ | ᠤᠲᠤᠷᠢᠲᠤᠭᠰᠠᠨ ᠴᠡᠷᠢᠭ ᠬᠤᠪᠲᠤ ᠳᠤ ᠲᠤᠯᠵᠤ | ᠤᠴᠢᠭᠠᠳ ᠪᠠᠶᠢᠲᠠᠯ ᠢ ᠲᠠᠩᠨᠠᠨ ᠲᠤᠷᠰᠢᠵᠦ | ᠬᠤᠲᠠ ᠶᠢ ᠬᠡᠷᠬᠢᠨ ᠴᠢᠯᠦᠭᠡᠯᠡᠬᠦ | ᠲᠦᠯᠦᠪᠯᠡᠭᠡ ᠪᠤᠯᠪᠠᠰᠤᠷᠠᠭᠤᠯᠬᠤ ᠳᠠᠭᠠᠨ | ᠶᠠᠭᠤᠨ ᠤ ᠤᠷᠢᠳ ᠬᠤᠲᠠ ᠶᠢ ᠪᠦᠰᠡᠯᠡᠬᠦ᠂ | ᠭᠠᠲᠠᠭᠰᠢ ᠪᠠᠨ ᠬᠠᠷᠢᠴᠠᠭᠤᠯᠬᠤ ᠦᠭᠡᠢ | ᠪᠤᠯᠭᠠᠬᠤ ᠶᠢ ᠤᠷᠢᠲᠠᠯ ᠪᠤᠯᠭᠠᠵᠠᠢ᠃ | ᠴᠤᠶᠢᠪᠠᠯᠰᠠᠩ ᠡᠨᠡ ᠤᠶᠢᠯᠡ ᠶᠠᠪᠤᠲᠠᠯ ᠤᠨ | ᠲᠤᠬᠠᠢ ᠪᠢᠴᠢᠬᠦ ᠳᠡᠭᠡᠨ《 | ᠲᠠᠮᠳᠢᠨᠰᠦ᠋ᠷᠦᠩ ᠠᠴᠠ ᠪᠢᠲᠡᠨ ᠤ ᠴᠡᠷᠢᠭ | ᠴᠦᠭᠡᠨ ᠬᠦᠴᠦᠨ ᠪᠠᠭᠤᠷᠠᠢ᠂ ᠬᠤᠪᠲᠤ ᠶᠢᠨ | ᠲᠠᠶᠢᠰᠤᠨ ᠤ ᠴᠡᠷᠢᠭ ᠤᠯᠠᠨ᠂ ᠵᠠᠷ ᠵᠡᠪᠰᠡᠭ | ᠦᠯᠡᠮᠵᠢ ᠲᠤᠯᠠ ᠪᠢᠲᠡ ᠬᠦᠩᠭᠡᠨ ᠢᠶᠠᠷ | ᠬᠦᠲᠡᠯᠵᠦ ᠪᠤᠯᠬᠤ ᠦᠭᠡᠢ᠂ ᠬᠡᠷᠪᠡ ᠪᠤᠯᠭᠤᠮᠵᠢ | ᠦᠭᠡᠢ ᠪᠠᠷ ᠬᠦᠲᠡᠯᠦᠭᠡᠳ ᠬᠡᠷᠡᠭ ᠮᠠᠭᠤ | ᠪᠤᠯᠪᠠᠯ ᠪᠢᠲᠡᠨ ᠤ ᠨᠡᠷ᠎ᠡ ᠲᠦᠷᠦ | ᠪᠠᠭᠤᠷᠠᠨ᠎ᠠ ᠭᠡᠵᠦ ᠪᠤᠯᠭᠤᠮᠵᠢᠯᠠᠭᠤᠯᠤᠨ | ᠠᠩᠬᠠᠷᠤᠭᠤᠯᠬᠤ ᠳᠤ ᠮᠠᠬᠰᠤᠷᠵᠠᠪ | ᠵᠦᠪᠰᠢᠶᠡᠷᠡᠵᠦ ᠬᠤᠪᠲᠤ ᠠᠴᠠ ᠭᠠᠷᠴᠦ | ᠢᠷᠡᠭᠰᠡᠨ ᠰᠡᠵᠢᠭ ᠪᠦᠬᠦᠢ ᠨᠠᠢᠮᠠᠨ | ᠡᠲᠡᠭᠡᠳ ᠢ ᠮᠠᠬᠰᠤᠷᠵᠠᠪ ᠡᠬᠢᠯᠡᠨ | ᠫᠤᠤᠲᠠᠭᠰᠠᠨ ᠪᠦᠭᠡᠳ ᠪᠠᠷᠢᠪᠴᠢᠯᠠᠭᠲᠠᠭᠰᠠᠨ | ᠬᠦᠮᠦᠰ ᠦᠴᠢᠬᠦ ᠳᠡᠭᠡᠨ᠄《 ᠮᠤᠩᠭᠤᠯ | ᠴᠡᠷᠢᠭ ᠤᠳ ᠪᠠ ᠬᠦᠩ ᠮᠠᠬᠰᠤᠷᠵᠠᠪ᠂ | ᠲᠠᠮᠳᠢᠨᠰᠦ᠋ᠷᠦᠩ ᠲᠡᠷᠢᠭᠦᠲᠡᠢ ᠵᠠᠬ᠎ᠠ | ᠪᠤᠯᠠᠭ ᠤᠨ ᠦᠷᠲᠡᠭᠡᠨ ᠤ ᠤᠶᠢᠷ᠎ᠡ᠂ ᠬᠦᠴᠦ | ᠪᠠᠭ᠎ᠠ ᠴᠦᠭᠡᠨ ᠴᠡᠷᠢᠭ ᠲᠠᠢ ᠢᠷᠡᠵᠦ | ᠰᠢᠪᠡᠭᠡᠯᠡᠨ ᠪᠠᠶᠢᠭ᠎ᠠ ᠭᠡᠭᠴᠢ ᠶᠢ ᠮᠠᠨ ᠤ | ᠰᠠᠶᠢᠳ ᠤᠳ ᠰᠤᠨᠤᠰᠴᠦ ᠡᠰᠡᠷᠭᠦᠴᠡᠨ | ᠪᠠᠶᠢᠯᠲᠤᠬᠤ ᠬᠦᠴᠦᠨ ᠢ ᠵᠤᠵᠠᠭᠠᠳᠬᠠᠵᠤ᠂ | ᠵᠦᠭ ᠪᠦᠷᠢ ᠳᠤ ᠬᠠᠷᠠᠭᠤᠤᠯ ᠲᠠᠩᠨᠠᠭᠤᠤᠯ | ᠭᠠᠷᠭᠠᠵᠤ ᠬᠠᠷᠠᠭᠠᠯᠵᠠᠭᠤᠯᠤᠨ ᠤᠲᠠᠬᠤ ᠦᠭᠡᠢ | ᠶᠡᠭᠡ ᠴᠡᠷᠢᠭ ᠭᠠᠷᠴᠦ ᠵᠠᠬ᠎ᠠ ᠪᠤᠯᠠᠭ ᠤᠨ | ᠭᠠᠵᠠᠷ ᠲᠠᠶᠢᠯᠡᠷᠡ ᠤᠴᠢᠵᠦ | ᠰᠦᠨᠦᠭᠡᠬᠦ ᠪᠠᠷ ᠪᠡᠯᠡᠳᠭᠡᠨ ᠪᠠᠶᠢᠭᠰᠠᠨ | ᠭᠡᠵᠦ ᠴᠢᠬᠤᠯᠠ ᠮᠡᠲᠡᠭᠡ ᠦᠭᠬᠦᠭᠰᠡᠨ ᠰᠢᠨ᠎ᠡ | ᠬᠢᠵᠠᠭᠠᠷ ︵ᠰᠢᠨᠵᠢᠶᠠᠩ︶ ᠤᠨ ᠵᠦᠭ ᠠᠴᠠ | ᠢᠷᠡᠭᠰᠡᠨ ᠲᠤᠰᠠᠯᠠᠬᠤ ᠬᠦᠴᠦᠨ ᠢ ᠴᠠᠭ | ᠲᠤᠬᠠᠢ ᠳᠤ ᠨᠢ ᠤᠬᠲᠤᠵᠦ ᠪᠤᠲᠠ ᠴᠤᠬᠢᠭᠠᠳ᠂ | ᠮᠠᠨᠵᠤ ᠠᠮᠪᠠᠨ᠂ ᠬᠢᠲᠡᠳ ᠲᠦᠰᠢᠮᠡᠯ ᠵᠡᠷᠭᠡ | ᠠᠯᠪᠠᠨ ᠤ ᠬᠦᠮᠦᠰ ᠢ ᠬᠤᠲᠠ ᠠᠴᠠ ᠭᠠᠷᠬᠤ | ᠪᠤᠯᠤᠯᠴᠠᠭ᠎ᠠ ᠦᠭᠡᠢ ᠪᠤᠯᠭᠠᠵᠤ ᠪᠠᠶᠢᠭᠠᠳ | ᠲᠠᠭᠠᠷᠢᠵᠦ ᠴᠤᠬᠢᠬᠤ ᠳᠤ ᠪᠡᠯᠡᠳᠬᠡᠵᠦ | ᠪᠠᠶᠢᠪᠠ᠃ ᠬᠤᠪᠲᠤ ᠶᠢᠨ ᠮᠠᠶᠢᠮᠠᠢ ᠬᠤᠲᠠ᠂ | ᠰᠠᠩ ᠤᠨ ᠬᠤᠲᠠ ᠶᠢ ᠲᠠᠭᠠᠷᠢᠨ ᠡᠵᠡᠯᠡᠬᠦ | ᠠᠵᠢᠯᠯᠠᠭ᠎ᠠ ᠶᠢ ᠰᠠᠶᠢᠳ ᠲᠠᠮᠳᠢᠨᠰᠦ᠋ᠷᠦᠩ᠂ | ᠮᠠᠬᠰᠤᠷᠵᠠᠪ ᠨᠠᠷ ᠰᠠᠶᠢᠭᠤᠳ ᠤᠲᠤᠷᠢᠳᠴᠦ | ᠦᠪᠡᠷᠰᠡᠳ ᠢᠶᠠᠨ ᠲᠤᠯᠤᠯᠲᠤᠭᠠᠨ ᠳᠤ | ᠪᠡᠶᠡᠴᠢᠯᠡᠨ ᠤᠷᠤᠯᠴᠠᠵᠦ 1912 ᠤᠨ ᠤ 8 | ᠰᠠᠷ᠎ᠠ ᠶᠢᠨ 5—7 ᠡᠲᠦᠷ ᠤᠳ ᠲᠤ ᠰᠢᠷᠦᠬᠦᠨ | ᠲᠤᠯᠤᠯᠲᠤᠭᠠᠨ ᠪᠤᠯᠵᠤ ᠮᠠᠨᠵᠤ ᠬᠢᠲᠡᠳ ᠤᠳ ᠢ | ᠪᠠᠭᠤᠯᠭᠠᠵᠤ ᠠᠪᠤᠭᠰᠠ ᠶᠤᠮ》 ᠭᠡᠵᠡᠢ᠃ | ᠪᠠᠷᠠᠭᠤᠨ ᠬᠢᠵᠠᠭᠠᠷ ᠢ ᠢᠯᠪᠢᠨ | ᠲᠤᠬᠤᠨᠢᠭᠤᠯᠬᠤ ᠰᠠᠶᠢᠳ ᠵᠠᠯᠠᠬᠠᠨᠽᠠ | ᠬᠤᠲᠤᠭᠲᠤ ᠲᠠᠮᠳᠢᠨᠪᠠᠽᠠᠷ᠂ ᠵᠤᠷᠢᠬᠲᠤ ᠸᠠᠩ | ᠨᠠᠸᠠᠩᠴᠡᠷᠡᠩ ᠨᠠᠷ 1912 ᠤᠨ ᠤ 8 ᠰᠠᠷ᠎ᠠ ᠶᠢᠨ | 27 ᠡᠲᠦᠷ ᠮᠤᠩᠭᠤᠯ ᠤᠯᠤᠰ ᠤᠨ ᠬᠠᠭᠠᠨ ᠳᠤ | ᠠᠶᠢᠯᠠᠳᠬᠠᠬᠤ ᠳᠠᠭᠠᠨ᠄《 ᠲᠠᠮᠳᠢᠨᠰᠦ᠋ᠷᠦᠩ᠂ | ᠮᠠᠬᠰᠤᠷᠵᠠᠪ ᠪᠤᠯᠪᠠᠰᠤ ᠬᠦᠴᠦᠷᠭᠡᠭ | ᠴᠡᠷᠢᠭ ᠢ ᠭᠠᠷᠭᠠᠵᠤ ᠬᠤᠲᠠ ᠶᠢ ᠪᠠᠬᠢᠯᠡᠨ | ᠪᠠᠲᠤᠯᠠᠭᠰᠠᠨ ᠬᠤᠪᠲᠤ ᠬᠤᠲᠠ ᠶᠢᠨ ᠮᠠᠨᠵᠤ᠂ | ᠬᠢᠲᠡᠳ ᠨᠠᠷ ᠠᠴᠠ ᠡᠭᠡᠨᠡᠭᠲᠡ | ᠪᠡᠷᠬᠡᠰᠢᠶᠡᠭᠰᠡᠨ ᠦᠭᠡᠢ᠂ ᠤᠯᠠᠮ | ᠤᠯᠠᠮ ᠢᠶᠠᠷ ᠰᠠᠨᠠᠯ ᠰᠡᠳᠬᠢᠯ ᠰᠢᠯᠤᠭᠤᠳᠴᠦ᠂ | ᠴᠡᠷᠢᠭ ᠠᠩᠬᠢ ᠶᠢ ᠲᠠᠷᠠᠭ᠎ᠠ ᠲᠠᠷᠠᠭᠠᠪᠠᠷ | ᠲᠠᠭᠠᠯᠲᠤᠭᠤᠯᠵᠤ ᠲᠠᠮᠳᠢᠨᠰᠦ᠋ᠷᠦᠩ᠂ | ᠮᠠᠬᠰᠤᠷᠵᠠᠪ ᠨᠠᠷ ᠪᠡᠶᠡᠰ ᠢᠶᠠᠷ | ᠭᠠᠪᠰᠢᠭᠠᠶᠢᠯᠠᠨ ᠮᠤᠷᠲᠠᠵᠤ᠂ ᠪᠠᠶᠢᠯᠲᠤᠬᠤ | ᠬᠡᠷᠡᠭ ᠲᠤᠲᠤᠮ ᠳᠤ ᠤᠬᠲᠤᠬᠠᠨ ᠴᠦ ᠤᠬᠤᠰᠬᠢᠨ | ᠵᠠᠶᠢᠯᠠᠭᠰᠠᠨ ᠦᠭᠡᠢ ᠪᠠᠶᠢᠲᠤᠭᠠᠢ | ᠢᠯᠠᠩᠭᠤᠶ᠎ᠠ ᠲᠠᠮᠳᠢᠨᠰᠦ᠋ᠷᠦᠩ ᠪᠤᠯᠪᠠᠰᠤ | ᠠᠮᠢ ᠪᠡᠶ᠎ᠡ ᠶᠢ ᠦᠴᠦᠬᠡᠨ ᠴᠦ ᠬᠠᠶᠢᠷᠠᠯᠠᠬᠤ | ᠦᠭᠡᠢ ᠦᠨᠡᠨᠬᠦ ᠰᠠᠨᠠᠭ᠎ᠠ ᠪᠠᠷ ᠲᠦᠷᠦᠭᠦᠯᠦᠨ | ᠵᠢᠳᠭᠦᠨ ᠶᠠᠪᠤᠵᠤ ᠲᠠᠶᠢᠨ ᠳᠤ ᠲᠤᠯᠤᠯᠲᠤᠵᠤ | ᠪᠠᠶᠢᠯᠲᠤᠬᠤ ᠳᠤ ᠴᠦᠮ ᠪᠠᠭᠠᠲᠤᠷᠯᠠᠨ ᠤᠷᠤᠵᠤ | ᠬᠢᠲᠤᠯᠲᠤᠬᠤ ᠪᠠ ᠮᠠᠨᠵᠤ᠂ ᠬᠢᠲᠡᠳ ᠤᠳ ᠢ | ᠡᠯᠰᠡᠵᠦ ᠲᠤᠬᠤᠨᠢᠭᠤᠯᠬᠤ ᠳᠤ ᠮᠡᠷᠭᠡᠨ | ᠠᠷᠭ᠎ᠠ ᠶᠢ ᠬᠡᠷᠡᠭᠯᠡᠵᠦ᠂ ᠮᠥᠨ ᠠᠶᠢᠯ ᠤᠯᠤᠰ | ︵ᠤᠷᠣᠰ ᠤᠯᠤᠰ ᠢ ᠬᠡᠯᠡᠵᠦ ᠪᠤᠢ︶ ᠤᠨ ᠺᠦᠨᠰᠦᠯ | ᠰᠠᠶᠢᠳ ᠪᠠ ᠪᠤᠭᠤᠯᠴᠤᠳ ︵ᠦᠪᠡᠷᠰᠡᠳ ᠢ ᠪᠠᠨ | ᠬᠡᠯᠡᠵᠦ ᠪᠤᠢ︶ ᠤᠨ ᠬᠠᠮᠲᠤ ᠵᠦᠪᠯᠡᠯᠲᠤᠨ ᠵᠦᠢ | ᠵᠤᠬᠢᠰ ᠲᠠᠢ ᠪᠠᠷ ᠰᠡᠢᠳᠬᠡᠨ ᠠᠪᠠᠴᠢᠭᠰᠠᠨ | ᠵᠡᠷᠭᠡ ᠬᠡᠷᠡᠭ ᠤᠨ ᠪᠠᠶᠢᠲᠠᠯ ᠲᠦᠷᠰᠦ ᠶᠢ | ᠦᠵᠡᠪᠡᠰᠦ ᠲᠡᠲᠡ ᠰᠠᠶᠢᠳ ᠤᠳ ᠪᠤᠯᠪᠠᠰᠤ | ᠦᠨᠡᠬᠡᠷ ᠦᠨᠡᠨ ᠬᠦᠴᠦ ᠶᠢ ᠲᠠᠭᠠᠤᠰᠬᠠᠵᠤ | ᠵᠢᠳᠬᠦᠬᠦ ᠶᠢ ᠡᠷᠬᠢᠮᠯᠡᠭᠰᠡᠨ ᠪᠠᠭᠠᠲᠤᠷ | ᠬᠦᠴᠦᠨ᠂ ᠮᠡᠷᠭᠡᠨ ᠪᠤᠯᠲᠤᠭᠠ ᠪᠦᠬᠦᠢ ᠴᠤᠬᠤᠮ | ᠬᠡᠷᠡᠭᠯᠡᠪᠡᠰᠦ ᠵᠤᠬᠢᠬᠤ ᠲᠦᠰᠢᠮᠡᠯ ᠨᠠᠷ | ᠲᠠᠷᠤᠢ ᠮᠥᠨ 》ᠭᠡᠵᠦ ᠲᠠᠮᠳᠢᠨᠰᠦ᠋ᠷᠦᠩ᠂ | ᠮᠠᠬᠰᠤᠷᠵᠠᠪ ᠨᠠᠷ ᠤᠨ ᠡᠷᠡᠯᠭᠡᠭ ᠵᠤᠷᠢᠭ | ᠰᠠᠮᠪᠠᠭ᠎ᠠ ᠲᠠᠢ᠂ ᠬᠦᠴᠦᠯᠡᠨ | ᠲᠤᠯᠤᠯᠲᠤᠲᠠᠭ ᠠᠴᠠ ᠭᠠᠲᠠᠨ᠎ᠠ | ᠲᠠᠮᠳᠢᠨᠰᠦ᠋ᠷᠦᠩ ᠡᠩ ᠤᠨ ᠮᠠᠨᠵᠤ ᠬᠢᠲᠡᠳ | ᠢᠷᠭᠡᠳ ᠢ ᠲᠠᠲᠠᠵᠤ ᠲᠤᠬᠤᠨᠢᠭᠤᠯᠬᠤ ᠠᠯᠢ | ᠵᠤᠬᠢᠰᠲᠠᠢ ᠠᠷᠭ᠎ᠠ ᠶᠢ ᠬᠡᠷᠡᠭᠯᠡᠵᠦ | ᠪᠠᠶᠢᠭᠰᠠᠨ ᠲᠡᠲᠦᠢ ᠦᠭᠡᠢ ᠤᠷᠤᠰ ᠤᠯᠤᠰ ᠠᠴᠠ | ᠬᠤᠪᠲᠤ ᠳᠤ ᠰᠠᠭᠤᠭ᠎ᠠ ᠺᠦᠨᠰᠦᠯ | ᠺᠦᠽᠡᠮᠢᠨᠰᠺᠡᠢ ᠲᠠᠢ ᠵᠤᠬᠢᠰᠲᠠᠢ | ᠬᠠᠷᠢᠯᠴᠠᠵᠤ ᠪᠠᠶᠢᠭᠰᠠᠨ ᠢ ᠦᠭᠦᠯᠡᠭᠰᠡᠨ | ᠪᠠᠶᠢᠵᠠᠢ᠃ ᠡᠨᠡ ᠨᠢ ᠲᠠᠮᠳᠢᠨᠰᠦ᠋ᠷᠦᠩ ᠤᠨ | ᠮᠠᠨᠵᠤ ᠶᠢᠨ ᠡᠷᠬᠡ ᠪᠠᠷᠢᠭᠴᠢᠳ ᠪᠤᠯᠤᠨ | ᠬᠢᠲᠡᠳ ᠲᠦᠰᠢᠮᠡᠯ ᠨᠠᠷ ᠢ ᠮᠠᠨᠵᠤ᠂ | ᠬᠢᠲᠡᠳ ᠤᠨ ᠠᠷᠠᠳ ᠲᠦᠮᠡᠨ ᠠᠴᠠ | ᠢᠯᠭᠠᠭ᠎ᠠ ᠲᠠᠢ ᠬᠠᠨᠲᠤᠵᠤ᠂ ᠠᠯᠢ ᠴᠦ | ᠦᠨᠲᠦᠰᠦᠲᠡᠨ᠂ ᠶᠠᠰᠤᠲᠠᠨ ᠤ ᠠᠷᠠᠳ ᠲᠦᠮᠡᠨ | ᠪᠤᠯ ᠬᠦᠬᠡᠷᠤᠬᠡᠶᠢᠯᠡᠯᠲᠡᠢ ᠭᠡᠵᠦ ᠦᠵᠡᠵᠦ | ᠪᠠᠶᠢᠭᠰᠠᠨ ᠨᠢᠭᠦᠯᠰᠡᠩᠬᠦᠢ ᠰᠡᠳᠬᠢᠯ ᠤᠨ | ᠬᠢᠨᠢ ᠢᠯᠡᠷᠡᠯ ᠪᠤᠯᠤᠨ᠎ᠠ᠃ ᠬᠤᠪᠲᠤ ᠶᠢᠨ | ᠠᠮᠪᠠᠨ ᠪᠤᠤ ᠵᠢᠶᠦ᠋ᠨ ᠪᠤᠯᠤᠨ ᠪᠤᠰᠤᠳ | ᠬᠦᠮᠦᠰ ᠢ ᠤᠷᠤᠰ ᠤᠨ ᠨᠤᠲᠤᠭ ᠢᠶᠠᠷ | ᠪᠤᠴᠠᠭᠠᠬᠤ ᠶᠢᠨ ᠲᠤᠯᠠ ᠡᠭᠦᠨ ᠠᠴᠠ ᠬᠡᠲᠦᠨ | ᠬᠤᠨᠤᠭ ᠤᠨ ᠲᠠᠷᠠᠭ᠎ᠠ ᠤᠷᠤᠰ ᠤᠨ ᠬᠢᠯᠢ | ᠬᠦᠷᠲᠡᠯ᠎ᠡ ᠮᠤᠩᠭᠤᠯ ᠴᠡᠷᠢᠭ ᠢᠶᠠᠷ | ᠬᠠᠮᠠᠭᠠᠯᠠᠭᠤᠯᠵᠤ᠂ ᠮᠤᠷᠢ ᠲᠡᠮᠡᠭᠡ ᠵᠡᠷᠭᠡ | ᠤᠨᠤᠯᠭ᠎ᠠ ᠠᠴᠢᠯᠠᠭ᠎ᠠ ᠦᠭᠬᠦ ᠲᠤᠬᠠᠢ ᠮᠤᠩᠭᠤᠯ | ᠴᠡᠷᠢᠭ ᠤᠨ ᠵᠠᠬᠢᠷᠤᠭᠴᠢ ᠵᠠᠩᠵᠤᠨ | ᠲᠠᠮᠳᠢᠨᠰᠦ᠋ᠷᠦᠩ᠂ ᠬᠠᠭᠠᠨᠲᠤ ᠤᠷᠤᠰ ᠠᠴᠠ | ᠬᠤᠪᠲᠤ ᠰᠢᠷ᠎ᠠ ᠰᠦᠮ᠎ᠡ ᠳᠤ ᠰᠠᠭᠤᠭ᠎ᠠ | ᠺᠦᠰᠦᠯ ᠮ᠊᠂ ᠺᠦᠽᠡᠮᠢᠨᠰᠺᠡᠢ ᠨᠠᠷ 1912 ᠣᠨ ᠤ 9 | ᠰᠠᠷ᠎ᠠ ᠶᠢᠨ 2 ᠡᠲᠦᠷ ᠬᠤᠪᠲᠤ ᠬᠤᠲᠠᠨ᠎ᠠ | ᠫᠷᠤᠲ᠋ᠤᠺᠠᠯ ︵ᠭᠡᠷ᠎ᠡ ︶ ᠪᠠᠶᠢᠭᠤᠯᠤᠭᠰᠠᠨ | ᠪᠠᠶᠢᠨ᠎ᠠ᠃《 ᠁ ᠲᠠᠮᠳᠢᠨᠰᠦ᠋ᠷᠦᠩ ᠪᠤᠯᠪᠠᠰᠤ | ᠲᠦᠮᠡᠨ ᠭᠠᠵᠠᠷ ᠤᠨ ᠴᠢᠨᠠᠲᠤ ᠡᠲᠡᠭᠡᠳ ᠠᠴᠠ | ᠦᠨᠡᠨᠬᠦ ᠪᠢᠰᠢᠷᠡᠩᠬᠦᠢ ᠪᠠᠷ ᠲᠠᠭᠠᠵᠤ | ᠤᠷᠤᠵᠤ ᠪᠤᠬᠲᠠ ᠡᠵᠡᠨ ᠤ ᠲᠦᠰᠢᠮᠡᠯ ᠬᠡᠰᠢᠭ ᠢ | ᠬᠦᠷᠲᠡᠵᠦ᠂ ᠲᠠᠷᠠᠭ᠎ᠠ ᠪᠠᠷ ᠡᠶᠢᠨᠬᠦ | ᠬᠤᠯᠴᠢᠯᠠᠨ ᠵᠢᠳᠬᠦᠨ ᠶᠠᠪᠤᠵᠤ ᠲᠡᠷᠰᠯᠡᠭᠰᠡᠨ | ᠲᠠᠶᠢᠰᠤᠨ ᠢ ᠰᠢᠨᠦᠭᠡᠵᠦ ᠲᠤᠯᠭᠠᠭᠤᠷᠢ | ᠪᠠᠶᠢᠭᠤᠯᠤᠭᠰᠠᠨ ᠤᠯᠤᠰ ᠲᠦᠷᠦ ᠶᠢᠨ | ᠰᠠᠭᠤᠷᠢ ᠶᠢ ᠪᠠᠶᠢᠭᠤᠯᠤᠭᠰᠠᠨ ᠨᠢ ᠤᠨᠴᠠ | ᠰᠠᠶᠢᠰᠢᠶᠠᠯᠲᠡᠢ ᠁》 ᠬᠡᠮᠡᠨ ᠭᠠᠪᠢᠶ᠎ᠠ | ᠲᠡᠮᠲᠡᠭᠯᠡᠵᠦ᠂ ᠮᠤᠩᠭᠤᠯ ᠤᠯᠤᠰ ᠤᠨ | ᠵᠠᠰᠠᠭ ᠤᠨ ᠭᠠᠵᠠᠷ ᠠᠴᠠ ᠦᠶ᠎ᠡ ᠤᠯᠠᠷᠢᠨ | ᠵᠠᠯᠭᠠᠮᠵᠢᠯᠠᠬᠤ ᠵᠠᠰᠠᠭ᠂ ᠲᠦᠷᠦ ᠶᠢᠨ | ᠪᠠᠶᠢᠯ᠎ᠠ᠂ ᠬᠤᠶᠠᠷ ᠨᠢᠲᠦᠨ ᠤ ᠲᠤᠭᠤᠰ ᠤᠨ | ᠤᠲᠤᠭ᠎ᠠ᠂ ᠴᠡᠷᠢᠭ ᠤᠨ ᠵᠠᠩᠵᠤᠨ᠂《 ᠮᠠᠩᠯᠠᠢ | ᠪᠠᠭᠠᠲᠤᠷ 》ᠴᠤᠯᠠ ᠱᠠᠩᠨᠠᠨ ᠬᠦᠷᠲᠡᠭᠡᠵᠡᠢ᠃ | ᠲᠠᠮᠳᠢᠨᠰᠦ᠋ᠷᠦᠩ ᠨᠠᠷ ᠬᠤᠪᠲᠤ | ᠬᠤᠲᠠ ᠶᠢ ᠬᠡᠷᠬᠢᠨ ᠴᠢᠯᠦᠭᠡᠯᠡᠭᠰᠡᠨ ᠢᠶᠠᠨ | ᠮᠤᠩᠭᠤᠯ ᠤᠯᠤᠰ ᠤᠨ ᠵᠠᠰᠠᠭ ᠤᠨ ᠭᠠᠵᠠᠷ ᠲᠤ | ᠢᠯᠡᠭᠡᠰᠡᠨ ᠠᠶᠢᠯᠠᠳᠬᠠᠯ ᠳᠠᠭᠠᠨ᠄《 ᠁ | ᠬᠤᠪᠲᠤ ᠬᠤᠲᠠ ᠶᠢᠨ ᠮᠠᠨᠵᠤ ᠰᠠᠶᠢᠳ᠂ ᠬᠢᠲᠡᠳ | ᠲᠦᠰᠢᠮᠡᠳ ᠵᠢᠴᠢ ᠤᠯᠠᠨ ᠬᠤᠲᠠᠯᠲᠤᠭᠠᠨ ᠤ | ᠢᠷᠭᠡᠴᠤᠳ ᠲᠤ ᠡᠷᠬᠡ ᠦᠭᠡᠢ ᠨᠠᠶᠢᠷ ᠲᠠᠢ | ᠶᠤᠰᠤᠭᠠᠷ ᠬᠡᠯᠡᠯᠴᠡᠵᠦ ᠰᠡᠢᠳᠬᠡ ᠭᠡᠮᠡᠨ | ᠬᠡᠲᠦ ᠬᠡᠲᠦᠨ ᠤᠲᠠᠭ᠎ᠠ ᠬᠤᠭᠤᠴᠠᠭ᠎ᠠ | ᠬᠤᠭᠤᠴᠠᠵᠤ ᠤᠬᠠᠭᠤᠯᠬᠤ ᠪᠢᠴᠢᠭ | ᠢᠯᠡᠭᠡᠭᠰᠡᠨ ᠳᠤ ᠮᠠᠨᠵᠤ᠂ ᠬᠢᠲᠡᠳ ᠨᠠᠷ | ᠨᠢᠭᠡᠨᠲᠡ ᠬᠡᠷᠡᠭᠰᠡᠬᠦ ᠦᠭᠡᠢ᠂ ᠬᠠᠷᠢᠨ | ᠬᠤᠷᠰᠢᠨ ᠨᠡᠶᠢᠯᠡᠵᠦ᠂ ᠤᠯᠠᠮ ᠢᠶᠠᠷ | ᠬᠤᠷᠤᠰᠤᠯ ᠠᠭᠤᠯᠵᠤ ᠬᠤᠲᠠ ᠶᠢᠨ ᠵᠠᠬ᠎ᠠ ᠶᠢᠨ | ᠭᠠᠵᠠᠷ ᠢ ᠲᠤᠭᠤᠷᠢᠨ ᠮᠠᠯᠲᠠᠭᠤᠯᠵᠤ᠂ | ᠨᠢᠭᠤᠬᠲᠠᠵᠤ ᠫᠤᠤᠲᠠᠬᠤ ᠤᠷᠤᠨ ᠵᠠᠰᠠᠵᠤ᠂ | ᠪᠠᠰᠠ ᠴᠦ ᠮᠤᠩᠭᠤᠯᠴᠤᠳ ᠢ ᠬᠤᠲᠠ ᠶᠢᠨ | ᠤᠶᠢᠷ᠎ᠠ ᠦᠵᠡᠭᠲᠡᠬᠦ ᠪᠦᠷᠢ ᠫᠤᠤ ᠲᠠᠯᠪᠢᠵᠤ᠂ | ᠡᠰᠡᠷᠭᠦᠴᠡᠯᠲᠦᠨ ᠪᠠᠶᠢᠯᠲᠤᠭᠰᠠᠭᠠᠷ | ᠪᠤᠯᠪᠠᠴᠦ ᠭᠠᠭᠴᠠᠬᠦ ᠪᠢᠲᠡᠨᠡᠷ ᠵᠦᠢ ᠶᠢ | ᠡᠷᠢᠵᠦ ᠠᠷᠭᠠᠴᠠᠭᠠᠨ ᠰᠡᠢᠳᠭᠡᠬᠦ ᠶᠢ | ᠬᠢᠴᠢᠶᠡᠵᠦ ᠤᠷᠤᠰ ᠤᠯᠤᠰ ᠤᠨ ᠺᠦᠨᠰᠦᠯ | ᠰᠠᠶᠢᠳ ᠳᠤ ᠬᠡᠯᠡᠵᠦ ᠨᠠᠶᠢᠷᠠᠯᠲᠤᠨ | ᠲᠤᠬᠤᠨᠢᠭᠤᠯᠬᠤ ᠶᠢ ᠮᠠᠨᠵᠤ᠂ ᠬᠢᠲᠡᠳ | ᠨᠠᠷ ᠲᠤ ᠤᠬᠠᠭᠤᠯᠤᠨ ᠬᠡᠯᠡᠬᠦ ᠠᠵᠢᠶᠠᠮᠤ | ᠬᠡᠮᠡᠨ ᠬᠡᠯᠡᠭᠰᠡᠨ ᠳᠤ ᠺᠦᠨᠰᠦᠯ ᠰᠠᠶᠢᠳ | ᠲᠠᠷᠤᠢ ᠵᠦᠪᠰᠢᠶᠡᠷᠡᠵᠦ ᠬᠤᠶᠠᠷ ᠤᠯᠤᠰ ᠤᠨ | ᠬᠡᠷᠡᠭ ᠢ ᠨᠠᠶᠢᠷ ᠲᠠᠢ ᠪᠤᠯᠭᠠᠨ | ᠬᠡᠯᠡᠯᠴᠡᠶ᠎ᠡ ᠭᠡᠬᠦ ᠤᠴᠢᠷ ᠢ ᠤᠷᠢᠲᠠᠪᠠᠷ | ᠪᠢᠴᠢᠭ ᠶᠠᠪᠤᠭᠤᠯᠤᠭᠠᠳ ᠲᠠᠭᠠᠯᠲᠤᠪᠡᠷ | ᠺᠦᠨᠰᠦᠯ ᠰᠠᠶᠢᠳ ᠪᠡᠶ᠎ᠡ ᠪᠠᠷ ᠬᠠᠷᠢᠶᠠᠲᠤ | ᠤᠷᠤᠰ ᠴᠡᠷᠢᠭ ᠤᠳ ᠢ ᠲᠠᠭᠠᠭᠤᠯᠵᠤ᠂ ᠮᠠᠨᠵᠤ | ᠰᠠᠶᠢᠳ ᠬᠢᠲᠡᠳ ᠲᠦᠰᠢᠮᠡᠳ ᠲᠤ ᠨᠢᠭᠤᠷ ᠲᠤᠯᠵᠤ | ᠠᠭᠤᠯᠵᠠᠬᠤ ᠪᠠᠷ ᠤᠴᠢᠲᠠᠯᠠ ᠮᠠᠨᠵᠤ ᠬᠢᠲᠡᠳ | ᠨᠠᠷ ᠺᠦᠨᠰᠦᠯ ᠰᠠᠶᠢᠳ ᠤᠨ ᠡᠮᠤᠨ᠎ᠡ ᠠᠴᠠ ᠫᠤᠤ | ᠲᠠᠯᠪᠢᠵᠤ ᠬᠦᠭᠡᠭᠡᠨ ᠵᠠᠶᠢᠯᠠᠭᠤᠯᠤᠭᠰᠠᠨ | ᠪᠦᠭᠡᠳ ᠨᠠᠶᠢᠷᠠᠯᠲᠤᠨ ᠲᠤᠬᠤᠨᠢᠭᠤᠯᠵᠤ | ᠴᠢᠲᠠᠬᠤ ᠦᠭᠡᠢ ᠳᠤ ᠬᠦᠷᠦᠭᠰᠡᠨ ᠵᠠᠨᠤᠯ ᠲᠠᠢ | ᠪᠠᠶᠢᠲᠠᠯ ᠢᠯᠡᠷᠬᠡᠢ ᠮᠡᠲᠡᠭᠲᠡᠭᠰᠡᠨ ᠲᠤᠯᠠ | ᠪᠢᠲᠡ ᠨᠠᠷ ᠪᠦᠭᠦᠲᠡᠭᠡᠷ ᠵᠦᠪᠯᠡᠯᠲᠦᠵᠦ | ᠰᠢᠭᠤᠳ ᠲᠠᠶᠢᠯᠠᠷ᠎ᠠ ᠤᠷᠤᠬᠤ ᠶᠢ ᠲᠤᠭᠲᠠᠵᠠᠢ | ᠁ 》 ᠭᠡᠮᠡᠨ ᠪᠠᠶᠢᠯᠲᠤᠨ | ᠴᠢᠯᠦᠭᠡᠯᠡᠭᠰᠡᠨ ᠢᠶᠠᠨ ᠢᠯᠡᠳᠬᠡᠵᠦ᠂ | ᠮᠤᠩᠭᠤᠯ ᠤᠨ 18 ᠴᠡᠷᠢᠭ ᠠᠯᠠᠭᠲᠠᠭᠰᠠᠨ ᠢ | ᠲᠤᠷᠠᠲᠤᠭᠰᠠᠨ ᠠᠵᠢ᠃ ᠮᠤᠩᠭᠤᠯ ᠴᠡᠷᠢᠭ ᠤᠳ | ᠬᠤᠪᠲᠤ ᠶᠢᠨ ᠱᠤᠷᠤᠩ ᠳᠤ ᠤᠯᠠᠨ ᠵᠢᠯ | ᠬᠤᠷᠢᠬᠲᠠᠵᠤ ᠲᠠᠷᠴᠢᠯᠠᠵᠤ ᠪᠠᠶᠢᠭᠰᠠᠨ | ᠬᠠᠯᠬ᠎ᠠ ᠲᠦᠷᠪᠡᠳ ᠤᠯᠠᠨ ᠶᠠᠰᠤᠲᠠᠨ ᠤ 400 | ᠭᠠᠷᠤᠢ ᠬᠦᠮᠦᠰ ᠢ ᠰᠤᠯᠯᠠᠭᠰᠠᠨ ᠨᠢ ᠮᠤᠩᠭᠤᠯ | ᠤᠯᠤᠰ ᠤᠨ ᠴᠢᠯᠦᠭᠡᠯᠡᠬᠦ ᠴᠡᠷᠢᠭ ᠤᠨ ᠨᠡᠷ᠎ᠡ | ᠬᠦᠨᠲᠦ ᠶᠢ ᠲᠤᠰ ᠬᠢᠵᠠᠭᠠᠷ ᠨᠤᠲᠤᠭ ᠲᠤ | ᠶᠡᠬᠡᠲᠡ ᠮᠠᠨᠲᠤᠭᠤᠯᠪᠠ᠃ ᠬᠤᠪᠲᠤ ᠶᠢ | ᠴᠢᠯᠦᠭᠡᠯᠡᠭᠰᠡᠨ ᠢᠶᠠᠷ ᠲᠤᠰ ᠬᠢᠵᠠᠭᠠᠷ | ᠨᠤᠲᠤᠭ ᠤᠨ ᠤᠯᠠᠨ ᠶᠠᠰᠤᠲᠠᠨ ᠮᠤᠩᠭᠤᠯ | ᠤᠯᠤᠰ ᠢ ᠲᠠᠭᠠᠵᠤ ᠠᠷᠤ ᠮᠤᠩᠭᠤᠯ ᠤᠨ ᠪᠦᠬᠦ | ᠨᠤᠲᠤᠭ ᠬᠠᠷᠢ ᠮᠠᠨᠵᠤ ᠶᠢᠨ ᠨᠤᠶᠠᠷᠬᠠᠯ ᠠᠴᠠ | ᠠᠩᠬᠢᠵᠠᠷᠠᠵᠤ ᠮᠤᠩᠭᠤᠯ ᠤᠯᠤᠰ ᠤᠨ ᠪᠦᠷᠢᠨ | ᠬᠢᠨᠠᠯᠲᠠ ᠳᠤ ᠤᠷᠤᠭᠰᠠᠨ ᠨᠢ | ᠮᠤᠩᠭᠤᠯᠴᠤᠳ ᠤᠨ ᠦᠨᠲᠦᠰᠦᠲᠡᠨ ᠤ ᠡᠷᠬᠡ | ᠴᠢᠯᠦᠭᠡᠨ ᠤ ᠬᠤᠪᠢᠰᠬᠠᠯᠲᠤ ᠲᠡᠮᠡᠴᠡᠯ ᠤᠨ | ᠡᠬᠢᠨ ᠤ ᠱᠠᠲᠤᠨ ᠤ ᠠᠮᠵᠢᠯᠲᠠ ᠮᠥᠨ᠃ | | |