| | 1. ᠢᠳᠡᠭᠡᠨ ᠤ ᠳᠠᠪᠤᠰᠤᠨ ᠤ ᠠᠭᠤᠯᠤᠭᠳᠠᠴᠠ ᠬᠡᠲᠦ ᠥᠨᠳᠥᠷ᠃ ᠢᠳᠡᠭᠡᠨ ᠤ ᠳᠤᠷᠠᠰᠢᠯ ᠢ ᠨᠡᠮᠡᠭᠳᠡᠭᠦᠯᠦᠨ᠂ ᠦᠳᠦ ᠲᠣᠩᠰᠢᠬᠤ᠂ ᠬᠤᠰᠬᠢᠨᠠᠭ ᠲᠣᠩᠰᠢᠬᠤ | ᠵᠡᠷᠭᠡ ᠦᠵᠡᠭᠳᠡᠯ ᠭᠠᠷᠬᠤ ᠠᠴᠠ ᠰᠡᠷᠭᠡᠶᠢᠯᠡᠬᠦ ᠶᠢᠨ ᠲᠥᠯᠥᠭᠡ᠂ ᠲᠠᠬᠢᠶᠠᠨ ᠤ ᠲᠡᠵᠢᠭᠡᠯ ᠪᠣᠷᠳᠣᠭᠠᠨ ᠳᠤ ᠳᠠᠪᠤᠰᠤ ᠬᠡᠲᠦᠷᠬᠡᠢ ᠠᠷᠪᠢᠨ ᠨᠡᠮᠡᠵᠦ᠂ ᠲᠠᠬᠢᠶ᠎ᠠ ᠳᠤ | ᠬᠡᠲᠦᠷᠡᠲᠡᠯ᠎ᠡ ᠤᠰᠤ ᠤᠤᠭᠤᠯᠭᠠᠪᠠᠯ᠂ ᠦᠷᠭᠦᠯᠵᠢ ᠰᠦᠷᠡᠬᠡᠢ ᠪᠠᠭᠠᠰᠤ ᠠᠯᠳᠠᠳᠠᠭ᠃ ᠡᠭᠦᠨ ᠠᠴᠠ ᠭᠠᠳᠠᠨ᠎ᠠ᠂ ᠵᠢᠭᠠᠰᠤᠨ ᠲᠠᠯᠬ᠎ᠠ ᠶᠢ ᠬᠡᠲᠦᠷᠬᠡᠢ ᠶᠡᠭᠡ ᠨᠡᠮᠡᠬᠦ ᠪᠤᠶᠤ | ᠵᠢᠭᠠᠰᠤᠨ ᠲᠠᠯᠬ᠎ᠠ ᠶᠢᠨ ᠲᠣᠰ ᠪᠡᠶ᠎ᠡ ᠳᠤᠨᠢ ᠳᠠᠪᠤᠰᠤ ᠠᠷᠪᠢᠨ ᠠᠭᠤᠯᠬᠤ ᠨᠢ ᠲᠡᠵᠢᠭᠡᠯ ᠪᠣᠷᠳᠣᠭᠠᠨ ᠳᠠᠬᠢ ᠳᠠᠪᠤᠰᠤᠨ ᠤ ᠠᠭᠤᠯᠤᠭᠳᠠᠴᠠ ᠶᠢ ᠬᠡᠲᠦᠷᠬᠡᠢ ᠥᠨᠳᠥᠷ | ᠪᠣᠯᠭᠠᠭᠰᠠᠨ ᠠᠴᠠ ᠥᠨᠳᠡᠭᠡᠨ ᠲᠠᠬᠢᠶ᠎ᠠ ᠪᠠᠭᠠᠰᠤ ᠠᠯᠳᠠᠳᠠᠭ᠃ | 2. ᠴᠢᠯᠠᠭᠤᠨ ᠨᠤᠨᠳᠠᠭ ᠤᠨ ᠨᠡᠮᠡᠯᠲᠡ ᠶᠢᠨ ᠬᠡᠮᠵᠢᠶ᠎ᠡ ᠨᠢ ᠬᠡᠲᠦ ᠥᠨᠳᠥᠷ᠃ ᠡᠳᠦᠷ ᠤᠨ ᠲᠡᠵᠢᠭᠡᠯ ᠳᠠᠬᠢ ᠴᠢᠯᠠᠭᠤᠨ ᠨᠤᠨᠳᠠᠭ ᠤᠨ ᠨᠡᠮᠡᠬᠦ ᠬᠡᠮᠵᠢᠶ᠎ᠡ ᠨᠢ ᠬᠡᠳᠦ | ᠠᠷᠪᠢᠨ ᠪᠤᠶᠤ ᠬᠡᠳᠦ ᠲᠦᠷᠭᠡᠨ ᠪᠣᠯᠪᠠᠯ ᠥᠨᠳᠡᠭᠡᠨ ᠲᠠᠬᠢᠶ᠎ᠠ ᠶᠢᠨ ᠴᠢᠰᠤᠨ ᠤ ᠺᠠᠯᠼ ᠬᠡᠳᠦ ᠥᠨᠳᠥᠷ ᠪᠣᠯᠵᠤ᠂ ᠪᠥᠭᠡᠷᠡᠨ ᠤ ᠳᠠᠷᠤᠭᠠᠰᠤ ᠶᠢ ᠬᠦᠨᠳᠦᠷᠡᠭᠦᠯᠵᠦ᠂ | ᠪᠥᠭᠡᠷ᠎ᠡ ᠶᠢᠨ ᠬᠠᠪᠤᠳᠠᠷ ᠢ ᠡᠭᠦᠰᠬᠡᠵᠦ᠂ ᠡᠴᠦᠰ ᠲᠡᠭᠡᠨ ᠪᠠᠭᠠᠰᠤ ᠠᠯᠳᠠᠳᠠᠭ᠃ ᠥᠨᠳᠡᠭᠡᠯᠡᠬᠦ ᠬᠡᠷᠡᠭᠴᠡᠭᠡ ᠶᠢ ᠬᠠᠩᠭᠠᠬᠤ ᠶᠢᠨ ᠲᠥᠯᠥᠭᠡ᠂ ᠥᠨᠳᠡᠭᠡᠨ ᠲᠠᠬᠢᠶ᠎ᠠ ᠶᠢᠨ | ᠡᠳᠦᠷ ᠤᠨ ᠲᠡᠵᠢᠭᠡᠯ ᠳᠠᠬᠢ ᠴᠢᠯᠠᠭᠤᠨ ᠨᠤᠨᠳᠠᠭ ᠤᠨ ᠬᠡᠮᠵᠢᠶ᠎ᠡ ᠶᠢ ᠡᠷᠬᠡᠪᠰᠢ ᠥᠨᠳᠡᠭᠡᠯᠡᠬᠦ ᠨᠤᠷᠮ᠎ᠠ ᠶᠢᠨ ᠳᠡᠭᠡᠭᠰᠢᠯᠡᠬᠦ ᠶᠢ ᠳᠠᠭᠠᠯᠳᠤᠨ ᠢᠳᠡᠭ ᠢᠳᠡᠭ ᠢᠶᠠᠷ | ᠨᠡᠮᠡᠭᠳᠡᠭᠦᠯᠦᠨ᠎ᠡ᠃ | 3. ᠪᠦᠳᠦᠭᠦᠯᠢᠭ ᠤᠭᠤᠷᠠᠭ ᠤᠨ ᠬᠡᠮᠵᠢᠶ᠎ᠡ ᠬᠡᠳᠦ ᠥᠨᠳᠥᠷ᠃ ᠵᠠᠷᠢᠮ ᠲᠡᠵᠢᠭᠡᠬᠦ ᠡᠷᠦᠬᠡ ᠲᠠᠬᠢᠶ᠎ᠠ ᠶᠢ ᠢᠯᠡᠭᠦᠦ ᠥᠨᠳᠡᠭᠡᠯᠡᠭᠦᠯᠬᠦ ᠶᠢᠨ ᠲᠥᠯᠥᠭᠡ᠂ ᠡᠳᠦᠷ ᠤᠨ | ᠲᠡᠵᠢᠭᠡᠯ ᠳᠠᠬᠢ ᠪᠤᠷᠴᠠᠭ ᠤᠨ ᠰᠢᠭᠠᠷᠤ ᠶᠢᠨ ᠬᠠᠷᠢᠴᠠᠯ ᠢ ᠨᠡᠮᠡᠭᠳᠡᠭᠦᠯᠳᠡᠭ᠃ ᠪᠤᠷᠴᠠᠭ ᠤᠨ ᠰᠢᠭᠠᠷᠤ ᠶᠢᠨ ᠠᠭᠤᠯᠤᠭᠳᠠᠴᠠ ᠬᠡᠲᠦᠷᠬᠡᠢ ᠥᠨᠳᠥᠷ᠂ ᠣᠷᠭᠠᠨᠢᠭ | ᠪᠡᠶ᠎ᠡ ᠶᠢᠨ ᠰᠢᠩᠭᠡᠭᠡᠯᠲᠡ ᠪᠦᠷᠢᠨ ᠪᠤᠰᠤ᠂ ᠡᠭᠦᠨ ᠤ ᠤᠯᠠᠮ ᠠᠴᠠ ᠭᠡᠳᠡᠰᠦᠨ ᠳᠤ ᠰᠡᠳᠦᠯᠲᠡ ᠥᠭᠴᠦ᠂ ᠰᠣᠯᠢᠯᠴᠠᠭ᠎ᠠ ᠶᠢ ᠲᠦᠷᠭᠡᠳᠬᠡᠵᠦ᠂ ᠲᠠᠬᠢᠶ᠎ᠠ ᠶᠢᠨ ᠪᠠᠭᠠᠰᠤ | ᠰᠢᠷᠠᠯᠠᠵᠤ ᠰᠢᠩᠭᠡᠷᠡᠵᠦ᠂ ᠲᠡᠵᠢᠭᠡᠯ ᠪᠣᠷᠳᠤᠭ᠎ᠠ ᠶᠢᠨ ᠰᠢᠩᠭᠡᠭᠡᠯᠲᠡ ᠶᠢᠨ ᠨᠣᠷᠮ᠎ᠠ ᠳᠣᠷᠣᠭᠰᠢᠯᠠᠨ᠎ᠠ᠃ ᠶᠡᠷᠦ ᠳᠡᠭᠡᠨ ᠥᠨᠳᠡᠭᠡᠨ ᠲᠠᠬᠢᠶᠠᠨ ᠰᠦᠷᠦᠭ ᠤᠨ ᠪᠦᠳᠦᠭᠦᠯᠢᠭ | ᠤᠭᠤᠷᠠᠭ ᠤᠨ ᠬᠡᠷᠡᠭᠰᠡᠬᠦ ᠬᠡᠮᠵᠢᠶ᠎ᠡ ᠨᠢ 16% ᠣᠷᠴᠢᠮ ᠪᠠᠶᠢᠵᠤ᠂ ᠤᠭᠤᠷᠠᠭ ᠤᠨ ᠠᠭᠤᠯᠤᠭᠳᠠᠴᠠ ᠨᠢ ᠬᠡᠲᠦ ᠥᠨᠳᠥᠷ ᠪᠤᠶᠤ ᠥᠨᠳᠡᠭᠡ ᠶᠢᠨ ᠬᠠᠷᠢᠴᠠᠯ ᠨᠢ | ᠲᠡᠩᠴᠡᠭᠦᠷᠢ ᠦᠭᠡᠢ ᠠᠴᠠ ᠪᠣᠯᠵᠤ᠂ ᠥᠨᠳᠡᠭᠡᠨ ᠲᠠᠬᠢᠶᠠᠨ ᠤ ᠡᠯᠢᠭᠡ᠂ ᠪᠥᠭᠡᠷ᠎ᠡ ᠶᠢᠨ ᠠᠵᠢᠯᠯᠠᠭ᠎ᠠ ᠨᠢ ᠠᠮᠠᠷᠬᠠᠨ ᠪᠠᠭᠤᠷᠠᠵᠤ᠂ ᠰᠢᠭᠡᠰᠦᠨ ᠬᠦᠴᠢᠯ ᠤᠨ ᠳᠠᠪᠤᠰᠤ | ᠶᠡᠭᠡ ᠬᠡᠮᠵᠢᠶ᠎ᠡ ᠪᠠᠷ ᠬᠤᠷᠠᠵᠤ᠂ ᠴᠢᠨᠠᠭᠰᠢᠯᠠᠪᠠᠯ ᠲᠤᠯᠠᠢ ᠡᠪᠡᠳᠴᠢᠨ ᠡᠭᠦᠰᠬᠡᠳᠡᠭ᠃ | 4. ᠲᠦᠭᠦᠬᠡᠢ ᠡᠳ᠋ ᠨᠢ ᠸᠠᠯᠠᠵᠤ ᠴᠢᠨᠠᠷ ᠬᠤᠪᠢᠷᠠᠬᠤ᠃ ᠲᠡᠵᠢᠭᠡᠯ ᠪᠣᠷᠳᠣᠭᠠᠨ ᠤ ᠳᠣᠲᠣᠷᠠᠬᠢ ᠲᠦᠭᠦᠬᠡᠢ ᠮᠠᠲ᠋ᠧᠷᠢᠶᠠᠯ ᠵᠢᠱᠢᠶᠡᠯᠡᠪᠡᠯ ᠡᠷᠳᠡᠨᠢ ᠰᠢᠰᠢ᠂ | ᠯᠣᠬᠠᠱᠧᠩ ᠤᠨ ᠰᠢᠭᠠᠷᠤ ᠵᠡᠷᠭᠡ ᠨᠢ ᠸᠠᠯᠠᠵᠤ ᠴᠢᠨᠠᠷ ᠨᠢ ᠬᠤᠪᠢᠷᠠᠪᠠᠯ᠂ ᠲᠡᠭᠦᠨ ᠤ ᠬᠤᠣᠷᠲᠤ ᠡᠳ᠋ ᠨᠢ ᠥᠨᠳᠡᠭᠡᠨ ᠲᠠᠬᠢᠶ᠎ᠠ ᠶᠢᠨ ᠭᠡᠳᠡᠰᠦᠨ ᠤ ᠰᠠᠯᠢᠰᠤᠲᠤ | ᠪᠦᠷᠬᠦᠪᠴᠢ ᠳᠤ ᠰᠡᠳᠦᠯᠲᠡ ᠥᠭᠬᠦ ᠶᠢᠨ ᠬᠠᠮᠲᠤ ᠡᠪᠳᠡᠯᠡᠵᠦ᠂ ᠭᠡᠳᠡᠰᠦᠨ ᠤ ᠰᠠᠯᠢᠰᠤᠲᠤ ᠪᠦᠷᠬᠦᠪᠴᠢ ᠶᠢᠨ ᠨᠡᠪᠲᠡᠷᠡᠬᠦ ᠴᠢᠨᠠᠷ ᠢ ᠨᠡᠮᠡᠭᠳᠡᠭᠦᠯᠳᠡᠭ ᠠᠴᠠ ᠪᠣᠯᠵᠤ | ᠥᠨᠳᠡᠭᠡᠨ ᠲᠠᠬᠢᠶ᠎ᠠ ᠪᠠᠭᠠᠰᠤ ᠠᠯᠳᠠᠳᠠᠭ᠃ | |