ᠰᠢᠨᠬᠤᠸᠠ ᠬᠤᠷᠢᠶ᠎ᠠ ᠶᠢᠨ ᠪᠡᠭᠡᠵᠢᠩ ᠤᠨ ᠴᠠᠭᠢᠯᠭᠠᠨ ᠮᠡᠳᠡᠭᠡ ᠰᠤᠷᠪᠤᠯᠵᠢᠯᠠᠭᠴᠢ ᠳᠤᠮᠳᠠᠳᠤ ᠤᠯᠤᠰ ᠤᠨ ᠤᠯᠤᠰ ᠤᠨ ᠲᠡᠮᠦᠷ ᠵᠠᠮ ᠤᠨ ᠪᠦᠯᠦᠭᠯᠡᠯ ᠤᠨ | ᠬᠢᠵᠠᠭᠠᠷᠲᠤ ᠺᠤᠮᠫᠠᠨᠢ ᠠᠴᠠ ᠣᠶᠢᠯᠠᠭᠠᠭᠰᠠᠨ ᠢᠶᠠᠷ᠂ 5 ᠰᠠᠷ᠎ᠠ ᠶᠢᠨ 31 ᠤ ᠡᠳᠦᠷ ᠤᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠤ ᠪᠠᠶᠠᠷ ᠤᠨ ᠠᠮᠠᠷᠠᠯᠲᠠ ᠶᠢᠨ | ᠨᠢᠭᠡᠳᠦᠭᠡᠷ ᠡᠳᠦᠷ ᠲᠤ᠂ ᠪᠦᠭᠦ ᠤᠯᠤᠰ ᠤᠨ ᠲᠡᠮᠦᠷ ᠵᠠᠮ ᠤᠨ ᠠᠶᠠᠨᠴᠢᠳ ᠤᠨ ᠤᠷᠤᠰᠴᠠ ᠣᠷᠭᠢᠯ ᠳᠠᠭᠠᠨ ᠲᠤᠯᠵᠤ᠂ ᠵᠢᠱᠢᠯᠲᠡ ᠪᠠᠷ ᠠᠶᠠᠨᠴᠢᠳ ᠢ 1780 | ᠲᠦᠮᠡᠨ ᠬᠥᠮᠥᠨ ᠤᠳᠠᠭ᠎ᠠ ᠬᠦᠷᠭᠡᠵᠦ᠂ ᠠᠶᠠᠨᠴᠢᠳ ᠤᠨ ᠭᠠᠯᠲᠤ ᠲᠡᠷᠭᠡ ᠶᠢ 1029 ᠨᠡᠮᠡᠬᠦ ᠪᠠᠷ ᠲᠥᠯᠥᠪᠯᠡᠵᠦ ᠪᠠᠶᠢᠨ᠎ᠠ᠃ 5 ᠰᠠᠷ᠎ᠠ ᠶᠢᠨ 30 ᠤ ᠡᠳᠦᠷ᠂ ᠪᠦᠭᠦ | ᠤᠯᠤᠰ ᠤᠨ ᠲᠡᠮᠦᠷ ᠵᠠᠮ ᠠᠶᠠᠨᠴᠢᠳ ᠢ 1577.7 ᠲᠦᠮᠡᠨ ᠬᠥᠮᠥᠨ ᠤᠳᠠᠭ᠎ᠠ ᠬᠦᠷᠭᠡᠵᠦ᠂ ᠲᠡᠭᠡᠭᠡᠪᠦᠷᠢ ᠨᠢ ᠠᠮᠤᠷ ᠲᠦᠪᠰᠢᠨ ᠪᠥᠭᠡᠳ ᠡᠮᠬᠢ ᠵᠢᠷᠤᠮ ᠲᠠᠢ | ᠶᠠᠪᠤᠭᠳᠠᠪᠠ᠃ | ᠲᠡᠮᠦᠷ ᠵᠠᠮ ᠤᠨ 12306 ᠲᠡᠷᠭᠡᠨ ᠪᠢᠯᠧᠲ ᠢ ᠤᠷᠢᠳᠴᠢᠯᠠᠨ ᠬᠤᠳᠠᠯᠳᠤᠭᠰᠠᠨ ᠪᠠᠶᠢᠳᠠᠯ ᠠᠴᠠ ᠦᠵᠡᠪᠡᠯ᠂ 31 ᠤ ᠡᠳᠦᠷ ᠬᠠᠯᠠᠮᠰᠢᠯ ᠵᠢᠭᠤᠯᠴᠢᠯᠠᠬᠤ ᠪᠠᠷ | ᠣᠴᠢᠬᠤ ᠬᠤᠲᠠ ᠳᠤ ᠭᠤᠣᠯᠳᠠᠭᠤ ᠪᠡᠭᠡᠵᠢᠩ᠂ ᠱᠠᠩᠬᠠᠢ᠂ ᠭᠤᠸᠠᠩᠵᠧᠦ᠂ ᠴᠧᠩᠳᠦ᠋᠂ ᠱᠧᠨᠵᠧᠨ᠂ ᠬᠠᠩᠵᠧᠦ᠂ ᠵᠧᠩᠵᠧᠦ᠂ ᠦᠬᠠᠨ᠂ ᠰᠢ ᠠᠨ᠂ ᠨᠠᠨᠵᠢᠩ ᠪᠤᠢ | ︔ ᠬᠠᠯᠠᠮᠰᠢᠯ ᠵᠢᠭᠤᠯᠴᠢᠯᠠᠬᠤ ᠪᠠᠷ ᠬᠦᠷᠬᠦ ᠬᠤᠲᠠ ᠳᠤ ᠭᠤᠣᠯᠳᠠᠭᠤ ᠪᠡᠭᠡᠵᠢᠩ᠂ ᠭᠤᠸᠠᠩᠵᠧᠦ᠂ ᠱᠠᠩᠬᠠᠢ᠂ ᠴᠧᠩᠳᠦ᠋᠂ ᠬᠠᠩᠵᠧᠦ᠂ ᠨᠠᠨᠵᠢᠩ᠂ ᠵᠧᠩᠵᠧᠦ᠂ | ᠲᠢᠶᠠᠨᠵᠢᠨ᠂ ᠴᠠᠩᠱᠠ᠂ ᠦᠬᠠᠨ ᠪᠤᠶ︔ ᠱᠧᠨᠵᠧᠨ ᠠᠴᠠ ᠰᠢᠶᠠᠩᠭᠠᠩ ᠬᠦᠷᠬᠦ᠂ ᠪᠡᠭᠡᠵᠢᠩ ᠠᠴᠠ ᠵᠢᠨᠠᠨ ᠬᠦᠷᠬᠦ᠂ ᠭᠤᠸᠠᠩᠵᠧᠦ ᠠᠴᠠ ᠨᠠᠨᠨᠢᠩ ᠬᠦᠷᠬᠦ᠂ | ᠰᠢᠶᠠᠩᠭᠠᠩ ᠠᠴᠠ ᠱᠧᠨᠵᠧᠨ ᠬᠦᠷᠬᠦ᠂ ᠪᠡᠭᠡᠵᠢᠩ ᠠᠴᠠ ᠮᠦᠭᠳᠡᠨ ᠬᠦᠷᠬᠦ᠂ ᠪᠡᠭᠡᠵᠢᠩ ᠠᠴᠠ ᠵᠧᠩᠵᠧᠦ ᠬᠦᠷᠬᠦ᠂ ᠪᠡᠭᠡᠵᠢᠩ ᠠᠴᠠ ᠴᠢᠩᠳᠣᠣ ᠬᠦᠷᠬᠦ᠂ ᠦᠬᠠᠨ ᠠᠴᠠ | ᠴᠠᠩᠱᠠ ᠬᠦᠷᠬᠦ᠂ ᠪᠡᠭᠡᠵᠢᠩ ᠠᠴᠠ ᠳ᠋ᠠᠲ᠋ᠦ᠋ᠩ ᠬᠦᠷᠬᠦ᠂ ᠰᠢ ᠠᠨ ᠠᠴᠠ ᠴᠧᠩᠳᠦ᠋ ᠬᠦᠷᠬᠦ ᠵᠡᠷᠭᠡ ᠬᠠᠯᠠᠮᠰᠢᠯ ᠣᠷᠣᠨ ᠤ ᠬᠤᠭᠤᠷᠣᠨᠳᠣᠭᠢ ᠠᠶᠠᠨᠴᠢᠳ ᠤᠨ ᠤᠷᠤᠰᠴᠠ | ᠨᠡᠯᠢᠶᠡᠳ ᠲᠥᠪᠯᠡᠷᠡᠵᠦ ᠪᠠᠶᠢᠨ᠎ᠠ᠃ | ᠡᠯ᠎ᠡ ᠭᠠᠵᠠᠷ ᠤᠨ ᠲᠡᠮᠦᠷ ᠵᠠᠮ ᠤᠨ ᠰᠠᠯᠠᠭ᠎ᠠ ᠮᠥᠴᠢᠷ ᠤᠨ ᠬᠢᠨ ᠠᠶᠠᠨᠴᠢᠳ ᠤᠨ ᠤᠷᠤᠰᠴᠠ ᠶᠢᠨ ᠪᠠᠶᠢᠳᠠᠯ ᠢ ᠬᠥᠳᠡᠯᠦᠩᠭᠦᠢ ᠪᠠᠷ ᠮᠥᠷᠳᠡᠵᠦ᠂ ᠲᠡᠭᠡᠭᠡᠪᠦᠷᠢ ᠶᠢᠨ | ᠬᠦᠴᠦᠨ ᠤ ᠣᠷᠣᠭᠤᠯᠤᠯᠲᠠ ᠶᠢ ᠨᠠᠷᠢᠯᠢᠭ ᠣᠨᠣᠴᠠᠲᠠᠢ ᠪᠠᠷ ᠨᠡᠮᠡᠭᠳᠡᠭᠦᠯᠦᠨ᠂ ᠲᠡᠷᠭᠡᠨ ᠥᠷᠲᠡᠭᠡᠨ ᠤ ᠦᠢᠯᠡᠴᠢᠯᠡᠭᠡᠨ ᠤ ᠠᠷᠭ᠎ᠠ ᠬᠡᠮᠵᠢᠶ᠎ᠡ ᠶᠢ ᠰᠢᠯᠢᠳᠡᠭᠵᠢᠭᠦᠯᠵᠦ᠂ | ᠠᠶᠠᠨᠴᠢᠳ ᠲᠤ ᠨᠠᠩ ᠰᠠᠶᠢᠨ ᠰᠠᠶᠢᠬᠠᠨ ᠶᠠᠪᠤᠵᠤ ᠰᠠᠭᠤᠬᠤ ᠲᠥᠷᠥᠭᠳᠡᠯ ᠣᠯᠭᠤᠪᠠ᠃ ᠤᠯᠤᠰ ᠤᠨ ᠲᠡᠮᠦᠷ ᠵᠠᠮ ᠤᠨ ᠬᠠᠷᠪᠢᠨ ᠤ ᠲᠣᠪᠴᠢᠶᠠᠨ ᠤ ᠪᠦᠯᠦᠭᠯᠡᠯ | ᠺᠤᠮᠫᠠᠨᠢ ᠶᠢᠨ ᠰᠦᠢ ᠹᠧᠨ ᠾᠧ ᠦᠷᠳᠡᠭᠡ ᠨᠢ ᠪᠣᠭᠤᠮᠲᠠ᠂ ᠬᠢᠯᠢ ᠶᠢᠨ ᠪᠠᠶᠢᠴᠠᠭᠠᠯᠲᠠ ᠵᠡᠷᠭᠡ ᠰᠠᠯᠠᠭ᠎ᠠ ᠮᠥᠴᠢᠷ ᠲᠠᠢ ᠨᠢᠭᠲᠠ ᠬᠠᠮᠵᠢᠯᠴᠠᠵᠤ᠂ 402 ᠤᠳᠠᠭ᠎ᠠ ᠶᠢᠨ | ᠤᠯᠠᠨ ᠤᠯᠤᠰ ᠤᠨ ᠭᠠᠯᠲᠤ ᠲᠡᠷᠭᠡᠨ ᠳᠤ ᠰᠠᠭᠤᠬᠤ ᠠᠶᠠᠨᠴᠢᠳ ᠤᠨ ᠬᠢᠯᠢ ᠪᠠᠷ ᠣᠷᠣᠵᠤ ᠭᠠᠷᠬᠤ ᠰᠠᠭᠠᠳ ᠦᠭᠡᠢ ᠪᠥᠭᠡᠳ ᠥᠨᠳᠥᠷ ᠪᠦᠲᠦᠮᠵᠢᠲᠡᠢ ᠪᠠᠶᠢᠬᠤ ᠶᠢ | ᠪᠠᠲᠤᠯᠠᠪᠠ︔ ᠤᠯᠤᠰ ᠤᠨ ᠲᠡᠮᠦᠷ ᠵᠠᠮ ᠤᠨ ᠪᠡᠭᠡᠵᠢᠩ ᠤᠨ ᠲᠣᠪᠴᠢᠶ᠎ᠠ ᠶᠢᠨ ᠪᠦᠯᠦᠭᠯᠡᠯ ᠺᠤᠮᠫᠠᠨᠢ ᠵᠢᠨᠠᠨ᠂ ᠲᠠᠶᠢᠶᠤᠸᠠᠨ᠂ ᠵᠧᠩᠵᠧᠦ᠂ ᠱᠠᠩᠬᠠᠢ᠂ ᠴᠢᠩᠳᠣᠣ᠂ | ᠲᠢᠶᠠᠨᠵᠢᠨ᠂ ᠴᠢᠭᠤᠯᠤᠯᠲᠤ ᠬᠠᠭᠠᠯᠭ᠎ᠠ᠂ ᠪᠧᠢ ᠳ᠋ᠠᠢ ᠾᠧ ᠵᠡᠷᠭᠡ ᠴᠢᠭᠯᠡᠯ ᠤᠨ ᠠᠶᠠᠨᠴᠢᠳ ᠤᠨ ᠭᠠᠯᠲᠤ ᠲᠡᠷᠭᠡ ᠶᠢ 159 ᠨᠡᠮᠡᠪᠡ︔ ᠤᠯᠤᠰ ᠤᠨ ᠲᠡᠮᠦᠷ ᠵᠠᠮ ᠤᠨ | ᠰᠢ ᠠᠨ ᠤ ᠲᠣᠪᠴᠢᠶ᠎ᠠ ᠶᠢᠨ ᠪᠦᠯᠦᠭᠯᠡᠯ ᠺᠤᠮᠫᠠᠨᠢ ᠰᠢ ᠠᠨ ᠥᠷᠲᠡᠭᠡ᠂ ᠰᠢ ᠠᠨ ᠤ ᠬᠤᠶᠢᠲᠤ ᠥᠷᠲᠡᠭᠡ ᠳᠤ ︽ᠠᠷᠪᠠᠨ ᠭᠤᠷᠪᠠᠨ ᠲᠦᠷᠦ ᠶᠢ ᠲᠤᠭᠤᠯᠬᠤ ᠲᠠᠪᠤᠨ | ᠰᠠᠷ᠎ᠠ ᠶᠢᠨ ᠰᠢᠨ᠎ᠡ ᠶᠢᠨ ᠲᠠᠪᠤᠨ ᠤ ᠴᠠᠩ ᠠᠨ ᠤ ᠠᠶᠠᠯᠠᠯ︾ ᠤᠨ ᠵᠢᠯᠣᠭᠤᠳᠤᠮᠵᠢ ᠶᠢᠨ ᠮᠠᠶ᠋ᠢᠭ ᠤᠨ ᠶᠣᠰᠣᠯᠠᠯ ᠰᠣᠶᠣᠯ ᠤᠨ ᠭᠢᠯᠠᠰ ᠠᠵᠢᠯᠯᠠᠭ᠎ᠠ ᠥᠷᠨᠢᠭᠦᠯᠪᠡ︔ | ᠤᠯᠤᠰ ᠤᠨ ᠲᠡᠮᠦᠷ ᠵᠠᠮ ᠤᠨ ᠨᠠᠨᠴᠠᠩ ᠤᠨ ᠲᠣᠪᠴᠢᠶ᠎ᠠ ᠶᠢᠨ ᠪᠦᠯᠦᠭᠯᠡᠯ ᠺᠤᠮᠫᠠᠨᠢ ᠰᠠᠨ ᠮᠢᠩ ᠬᠤᠶᠢᠲᠤ ᠥᠷᠲᠡᠭᠡᠨ ᠤ ᠲᠡᠷᠭᠡ ᠬᠦᠯᠢᠶᠡᠬᠦ ᠲᠠᠰᠤᠭ ᠲᠤ ᠲᠦᠷᠭᠡᠨ | ᠴᠠᠭᠢᠯᠭᠠᠨ ᠴᠡᠨᠡᠭᠯᠡᠬᠦ ᠠᠮᠠᠰᠠᠷ ᠲᠠᠢ ᠰᠠᠭᠤᠳᠠᠯ ᠢ ᠰᠢᠨ᠎ᠡ ᠪᠠᠷ ᠨᠡᠮᠡᠵᠦ᠂ ᠠᠶᠠᠨᠴᠢᠳ ᠤᠨ ᠴᠠᠭᠢᠯᠭᠠᠨ ᠴᠡᠨᠡᠭᠯᠡᠬᠦ ᠳᠤ ᠲᠥᠭᠦᠮ ᠦᠵᠡᠭᠦᠯᠵᠦ ᠪᠤᠢ᠃ | |