ᠰᠢᠯᠢ ᠶᠢᠨ ᠭᠤᠣᠯ ᠠᠶᠢᠮᠠᠭ ᠤᠨ ᠬᠢᠨ ᠳᠥᠷᠪᠡᠨ ᠠᠷᠭ᠎ᠠ ᠬᠡᠮᠵᠢᠶ᠎ᠡ ᠶᠢᠨ ᠠᠬᠢᠭᠤᠯᠤᠯ ᠢᠶᠠᠷ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠢ | ᠬᠢᠨᠠᠨ ᠵᠥᠪᠰᠢᠶᠡᠷᠡᠬᠦ ᠬᠤᠷᠳᠤᠴᠠ ᠶᠢ ᠳᠠᠬᠢᠨᠲᠠ ᠲᠦᠷᠭᠡᠳᠬᠡᠪᠡ᠃ ᠨᠢᠭᠡ ᠳᠤ᠂ ᠲᠥᠷᠥᠯ ᠵᠦᠢᠯ ᠵᠥᠪᠰᠢᠶᠡᠷᠡᠭᠦᠯᠬᠦ ᠳᠤ ᠬᠡᠷᠡᠭᠯᠡᠬᠦ ᠭᠠᠵᠠᠷ ᠤᠨ ᠲᠥᠯᠦᠪᠵᠢᠭᠦᠯᠭᠡ ᠶᠢᠨ | ᠵᠥᠪᠰᠢᠶᠡᠷᠡᠯ᠂ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢᠨ ᠵᠥᠪᠰᠢᠶᠡᠷᠡᠯ᠂ ᠪᠠᠷᠢᠯᠭ᠎ᠠ ᠪᠠᠷᠢᠬᠤ ᠵᠥᠪᠰᠢᠶᠡᠷᠡᠯ᠂ ᠪᠠᠷᠢᠯᠭ᠎ᠠ ᠳᠠᠭᠤᠰᠴᠤ ᠰᠢᠯᠭᠠᠨ ᠠᠪᠬᠤ ᠵᠡᠷᠭᠡ | ᠳᠥᠷᠪᠡᠨ ᠶᠡᠭᠡ ᠱᠠᠲᠤ ᠦᠶ᠎ᠡ ᠶᠢ ᠬᠠᠮᠵᠢᠯᠴᠠᠭᠤᠯᠤᠨ ᠬᠠᠮᠲᠤ ᠳᠤ ᠨᠢ ᠠᠬᠢᠭᠤᠯᠬᠤ ᠬᠡᠪ ᠵᠠᠭᠪᠤᠷ ᠪᠣᠯᠭᠠᠨ ᠨᠡᠶᠢᠳᠬᠡᠵᠦ᠂ ᠬᠢᠨᠠᠨ ᠵᠥᠪᠰᠢᠶᠡᠷᠡᠬᠦ ᠴᠠᠭ ᠤᠨ ᠬᠢᠵᠠᠭᠠᠷ ᠢ | 51% ᠪᠠᠷ ᠪᠠᠭᠠᠰᠬᠠᠪᠠ᠃ ᠬᠤᠶᠠᠷ ᠲᠤ᠂ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠤᠨ ᠬᠢᠨᠠᠨ ᠵᠥᠪᠰᠢᠶᠡᠷᠡᠬᠦ ᠬᠠᠮᠢᠶᠠᠷᠤᠯᠲᠠ ᠶᠢᠨ | ᠰᠢᠰᠲ᠋ᠧᠮ ᠤᠨ 3.0 ᠬᠡᠪᠯᠡᠯ ᠤᠨ ᠲᠠᠰ ᠳᠡᠪᠰᠢᠭᠦᠯᠬᠦ ᠶᠢ ᠪᠡᠶᠡᠯᠡᠭᠦᠯᠵᠦ᠂ ᠤᠯᠤᠰ᠂ ᠥᠪᠡᠷᠲᠡᠭᠡᠨ ᠵᠠᠰᠠᠬᠤ ᠣᠷᠣᠨ᠂ ᠠᠶᠢᠮᠠᠭ᠂ ᠬᠤᠰᠢᠭᠤ ᠰᠢᠶᠠᠨ ᠳᠥᠷᠪᠡᠨ | ᠱᠠᠲᠤᠨ ᠤ ᠳ᠋ᠠᠶᠢᠲ᠋ᠠ ᠶᠢᠨ ᠨᠡᠪᠲᠡᠷᠡᠯ ᠵᠠᠮ ᠢ ᠭᠤᠯᠳᠤ ᠪᠠᠷ ᠨᠠᠪᠲᠠᠷᠡᠭᠦᠯᠵᠦ᠂ 12 ᠰᠠᠯᠠᠭ᠎ᠠ ᠮᠥᠴᠢᠷ ᠤᠨ ᠬᠢᠨ ᠳ᠋ᠠᠶᠢᠲ᠋ᠠ ᠶᠢ ᠴᠠᠭ ᠲᠤᠬᠠᠢ ᠳᠤ ᠨᠢ ᠬᠠᠮᠲᠤ ᠡᠳ᠋ᠯᠡᠬᠦ ᠶᠢ | ᠬᠥᠨᠳᠡᠯᠡᠨ ᠢᠶᠠᠷ ᠠᠬᠢᠭᠤᠯᠵᠤ᠂ ᠬᠢᠨᠠᠨ ᠵᠥᠪᠰᠢᠶᠡᠷᠡᠭᠰᠡᠨ ᠦᠷ᠎ᠡ ᠳ᠋ᠦᠩ ᠢ ᠠᠵᠤ ᠠᠬᠤᠶᠢᠯᠠᠯ ᠨᠢ ᠰᠦᠯᠵᠢᠶ᠎ᠡ ᠪᠠᠷ ᠳᠠᠮᠵᠢᠨ ᠣᠯᠵᠤ ᠪᠣᠯᠣᠨ᠎ᠠ᠃ ᠭᠤᠷᠪᠠ ᠳᠤ᠂ ︽ | ᠮᠡᠳᠡᠭᠳᠡᠬᠦ ᠠᠮᠠᠯᠠᠯᠲᠠ + ᠮᠠᠲ᠋ᠧᠷᠢᠶᠠᠯ ᠳᠤᠲᠠᠭᠤᠳᠠᠭᠰᠠᠨ ᠢ ᠠᠭᠤᠴᠢᠯᠠᠨ ᠬᠦᠯᠢᠶᠡᠨ ᠠᠪᠴᠤ ᠰᠢᠢᠳᠪᠦᠷᠢᠯᠡᠬᠦ︾ ᠲᠣᠭᠲᠠᠴᠠ ᠶᠢ ᠬᠡᠷᠡᠭᠵᠢᠭᠦᠯᠵᠦ᠂ ᠬᠢᠨᠠᠨ | ᠵᠥᠪᠰᠢᠶᠡᠷᠡᠬᠦ ᠬᠤᠭᠤᠴᠠᠭ᠎ᠠ ᠶᠢ ᠳᠤᠮᠳᠠᠴᠢ ᠪᠠᠷ 70% ᠪᠠᠷ ᠪᠣᠭᠤᠨᠢᠰᠬᠠᠵᠤ᠂ ᠣᠳᠣᠬᠠᠨ ᠳᠤ ᠨᠢᠭᠡᠨᠲᠡ 5365 ᠬᠢᠨᠠᠨ ᠵᠥᠪᠰᠢᠶᠡᠷᠡᠬᠦ ᠵᠦᠢᠯᠡᠰ ᠤᠨ ︽ | ᠠᠮᠠᠯᠠᠯᠲᠠ ᠪᠠᠨ ᠭᠦᠢᠴᠡᠳᠬᠡᠮᠡᠭᠴᠡ ᠠᠵᠢᠯ ᠢᠶᠠᠨ ᠡᠬᠢᠯᠡᠭᠦᠯᠵᠦ ᠪᠣᠯᠬᠤ︾ ᠶᠢ ᠪᠡᠶᠡᠯᠡᠭᠦᠯᠪᠡ᠃ ᠳᠥᠷᠪᠡ ᠳᠤ᠂ ᠭᠠᠯ ᠤᠨᠲᠠᠷᠠᠭᠠᠬᠤ ᠵᠡᠷᠭᠡ 8 ᠵᠦᠢᠯ ᠤᠨ ᠰᠢᠯᠭᠠᠨ | ᠠᠪᠬᠤ ᠵᠦᠢᠯᠡᠰ ᠢ ᠨᠡᠶᠢᠳᠬᠡᠵᠦ᠂ ᠠᠵᠤ ᠠᠬᠤᠶᠢᠯᠠᠯ ᠤᠳ ᠨᠢᠭᠡ ᠯᠡ ᠤᠳᠠᠭ᠎ᠠ ᠭᠤᠶᠤᠴᠢᠯᠠᠯ ᠳᠡᠪᠰᠢᠭᠦᠯᠪᠡᠯ ᠣᠯᠠᠨ ᠰᠠᠯᠠᠭ᠎ᠠ ᠮᠥᠴᠢᠷ ᠤᠳ ᠬᠤᠯᠪᠣᠭᠠᠯᠠᠵᠤ | ᠪᠠᠶᠢᠭᠠᠳ ᠲᠤᠬᠠᠢ ᠶᠢᠨ ᠲᠠᠯᠠᠪᠤᠷ ᠲᠤ ᠪᠠᠶᠢᠴᠠᠭᠠᠨ ᠰᠢᠯᠭᠠᠬᠤ ᠶᠢ ᠪᠡᠶᠡᠯᠡᠭᠦᠯᠵᠦ ᠪᠣᠯᠣᠨ᠎ᠠ᠂ ᠲᠥᠷᠥᠯ ᠵᠦᠢᠯ ᠤᠨ ᠪᠠᠷᠢᠯᠭ᠎ᠠ ᠳᠠᠭᠤᠰᠴᠤ ᠰᠢᠯᠭᠠᠨ ᠠᠪᠬᠤ ᠴᠠᠭ ᠤᠨ | ᠬᠢᠵᠠᠭᠠᠷ ᠢ 45 ᠠᠵᠢᠯᠯᠠᠬᠤ ᠡᠳᠦᠷ ᠪᠠᠶᠢᠭᠰᠠᠨ ᠠᠴᠠ ᠨᠢ 10 ᠠᠵᠢᠯᠯᠠᠬᠤ ᠡᠳᠦᠷ ᠪᠣᠯᠭᠠᠨ ᠪᠠᠭᠠᠰᠬᠠᠵᠤ᠂ ᠣᠳᠣᠬᠠᠨ ᠳᠤ ᠪᠥᠬᠦ ᠠᠶᠢᠮᠠᠭ ᠤᠨ 781 ᠲᠥᠷᠥᠯ | ᠵᠦᠢᠯ ᠢ ᠬᠤᠯᠪᠣᠭᠠᠯᠠᠨ ᠰᠢᠯᠭᠠᠨ ᠠᠪᠬᠤ ᠶᠢ ᠪᠡᠶᠡᠯᠡᠭᠦᠯᠵᠦ᠂ ᠬᠠᠮᠤᠷᠤᠭᠰᠠᠨ ᠨᠣᠷᠮ᠎ᠠ ᠶᠢ 98% ᠳᠤ ᠬᠦᠷᠦᠭᠦᠯᠪᠡ᠃ ︵ᠰᠢᠯᠢ ᠶᠢᠨ ᠭᠤᠣᠯ ᠠᠶᠢᠮᠠᠭ ᠤᠨ ᠵᠠᠬᠢᠷᠭ᠎ᠠ︶ | | |