| ᠠᠵᠢᠯᠯᠠᠵᠤ ᠠᠮᠠᠷᠠᠬᠤ ᠶᠢ ᠤᠶᠠᠯᠳᠤᠭᠤᠯᠵᠤ᠂ ᠡᠳᠤᠷ ᠪᠦᠷᠢ 7 ᠊᠊᠊᠊᠊᠊᠊᠊᠊᠊᠊᠊᠊᠊ 8 ᠴᠠᠭ ᠤᠨ ᠨᠦᠢᠷ ᠢ ᠪᠠᠳᠤᠯᠠᠪᠡᠯ ᠵᠤᠬᠢᠨ᠎ᠠ᠃ ᠢᠳᠡᠬᠦ᠂ ᠰᠤᠷᠤᠯᠴᠠᠬᠤ᠂ | ᠠᠵᠢᠯᠯᠠᠬᠤ᠂ ᠪᠤᠯᠪᠠᠰᠤᠷᠠᠬᠤ᠂ ᠨᠠᠶᠢᠷᠠᠯᠳᠤᠬᠤ᠂ ᠤᠨᠳᠠᠬᠤ ᠵᠡᠷᠬᠡ ᠬᠦᠮᠤᠨ ᠤ ᠠᠯᠢᠪᠠ ᠠᠵᠢᠯᠯᠠᠭ᠎ᠠ ᠨᠢ ᠪᠦᠷ ᠶᠡᠭᠡ ᠲᠡᠷᠢᠬᠢᠨ ᠤ ᠵᠠᠬᠢᠷᠤᠯᠭ᠎ᠠ ᠳᠤᠤᠷ᠎ᠠ ᠪᠡᠶᠡᠯᠡᠭᠳᠡᠳᠡᠭ | ᠶᠤᠮ᠃ ᠤᠳᠠᠭ᠎ᠠ ᠪᠦᠷᠢ ᠶᠢᠨ ᠠᠵᠢᠯᠯᠠᠭ᠎ᠠ ᠨᠢ ᠪᠦᠷ ᠶᠡᠭᠡ ᠲᠡᠷᠢᠬᠢᠨ ᠤ ᠰᠠᠭᠤᠭᠳᠠᠯ ᠦᠯᠡᠳᠡᠬᠡᠳᠡᠭ ᠪᠦᠬᠡᠳ ᠤᠳᠠᠭᠠᠨ ᠳᠠᠭᠠᠨ ᠵᠤᠬᠢᠬᠤ ᠠᠮᠢᠳᠤᠷᠠᠯ ᠤᠨ ᠵᠢᠮ᠎ᠠ | ᠶᠤᠰᠤ ᠪᠤᠯᠤᠨ ᠪᠦᠷᠢᠯᠳᠤᠨ᠎ᠠ᠃ ᠡᠨᠡ ᠬᠦ ᠵᠢᠮ᠎ᠠ ᠶᠤᠰᠤ ᠶᠢ ᠵᠦᠷᠢᠴᠠᠪᠠᠯ᠂ ᠶᠡᠭᠡ ᠲᠡᠷᠢᠬᠢ ᠪᠤᠯᠤᠨ ᠪᠠᠶ᠎ᠠ ᠮᠠᠬᠠᠪᠤᠳ ᠤᠨ ᠪᠤᠰᠤᠳ ᠡᠷᠬᠡᠳᠡᠨ ᠲᠠᠷᠤᠢ ᠪᠠᠴᠢᠮ | ᠪᠠᠶᠢᠳᠠᠯ ᠳᠤ ᠤᠷᠤᠳᠠᠭ᠃ ᠡᠶᠢᠮᠤᠷᠬᠦᠤ ᠪᠠᠴᠢᠮ ᠪᠠᠶᠢᠳᠠᠯ ᠨᠢ ᠡᠪᠡᠳᠴᠢᠨ ᠡᠮᠬᠡᠭ ᠡᠬᠦᠰᠬᠡᠬᠦ ᠪᠠ ᠦᠳᠡᠯᠬᠦ ᠶᠢ ᠬᠤᠷᠳᠤᠳᠬᠠᠬᠤ ᠴᠢᠬᠤᠯᠠ ᠰᠢᠯᠳᠠᠭᠠᠨ ᠤ ᠨᠢᠬᠡ | ᠪᠤᠯᠤᠨ᠎ᠠ᠃ ︵1︶ ᠰᠤᠷᠤᠯᠴᠠᠵᠤ ᠠᠵᠢᠯᠯᠠᠬᠤ ᠰᠠᠶᠢᠨ ᠲᠠᠳᠬᠠᠯ ᠢ ᠪᠤᠢ ᠪᠤᠯᠭᠠᠬᠤ ᠬᠡᠷᠡᠭᠳᠡᠢ᠃ ᠶᠡᠭᠡ ᠲᠡᠷᠢᠬᠢ᠂ ᠪᠤᠯᠴᠢᠩ ᠨᠢ ᠨᠢᠬᠡ ᠦᠶ᠎ᠠ ᠠᠵᠢᠯᠯᠠᠪᠠᠯ ᠶᠠᠳᠠᠷᠠᠨ᠎ᠠ | ᠂ ᠲᠡᠬᠡᠪᠡᠯ ᠰᠤᠷᠤᠯᠴᠠᠬᠤ᠂ ᠠᠵᠢᠯᠯᠠᠬᠤ ᠦᠷ᠎ᠠ ᠪᠦᠳᠤᠮᠵᠢ ᠨᠢ ᠪᠠᠭᠤᠷᠠᠳᠠᠭ︔ ᠪᠤᠯᠴᠢᠩ ᠶᠠᠳᠠᠷᠠᠪᠠᠯ ᠠᠮᠠᠷᠬᠠᠨ ᠡ᠊ᠨᠳᠡᠯ ᠪᠤᠶᠤ ᠠᠯᠳᠠᠭ᠎ᠠ ᠭᠠᠷᠭᠠᠬᠤ ᠪᠤᠯᠤᠨ᠎ᠠ᠃ | ᠠᠵᠢᠯᠯᠠᠬᠤ ᠠᠮᠠᠷᠠᠬᠤ ᠶᠢ ᠤᠶᠠᠯᠳᠤᠭᠤᠯᠬᠤ ᠪᠠᠨ ᠠᠩᠬᠠᠷᠴᠤ᠂ ᠠᠶᠢᠵᠠᠮ ᠢ ᠨᠢ ᠵᠤᠬᠢᠴᠠᠭᠤᠯᠬᠤ ᠪᠤᠯ ᠡᠷᠡᠬᠦᠯ ᠮᠠᠨᠳᠤ ᠶᠢᠨ ᠱᠠᠭᠠᠷᠳᠠᠯᠭ᠎ᠠ ᠪᠤᠯᠬᠤ ᠪᠠᠷ ᠪᠠᠷᠠᠬᠤ ᠦᠬᠡᠢ᠂ | ᠮᠦᠨ ᠴᠤ ᠠᠵᠢᠯ ᠰᠤᠷᠤᠯᠴᠠᠯᠭ᠎ᠠ ᠶᠢᠨ ᠦᠷ᠎ᠠ ᠪᠦᠳᠤᠮᠵᠢ ᠶᠢ ᠲᠡᠬᠡᠭᠰᠢᠯᠡᠬᠦᠯᠬᠦ ᠶᠢᠨ ᠱᠠᠭᠠᠷᠳᠠᠯᠭ᠎ᠠ ᠪᠤᠯᠤᠨ᠎ᠠ᠃ ︵2︶ ᠦᠷᠬᠦᠯᠵᠢ ᠤᠷᠠᠨ ᠰᠠᠶᠢᠠᠬᠨ᠂ ᠪᠠᠶ᠎ᠠ ᠶᠢᠨ | ᠲᠠᠮᠢᠷ ᠤᠨ ᠬᠦᠳᠡᠯᠬᠡᠬᠡᠨ ᠳᠤ ᠤᠷᠤᠯᠴᠠᠬᠤ ᠵᠠᠩ ᠲᠠᠳᠬᠠᠯ ᠢ ᠪᠤᠢ ᠪᠤᠯᠭᠠᠬᠤ ᠬᠡᠷᠡᠭᠳᠡᠢ᠃ ᠪᠠᠶ᠎ᠠ ᠶᠢᠨ ᠲᠠᠮᠢᠷ ᠤᠨ ᠪᠤᠯᠪᠠᠰᠤᠷᠠᠯ ᠪᠠ ᠨᠠᠶᠢᠷ ᠨᠠᠭᠠᠳᠤᠮ ᠳᠤ | ᠤᠷᠤᠯᠴᠠᠬᠤ ᠨᠢ ᠪᠠᠶ᠎ᠠ ᠮᠠᠬᠠᠪᠤᠳ ᠤᠨ ᠡᠷᠡᠬᠦᠯ ᠮᠠᠨᠳᠤ᠂ ᠰᠡᠳᠬᠢᠴᠠ ᠶᠢᠨ ᠡᠷᠡᠬᠦᠯᠵᠢᠯ ᠢ ᠬᠠᠮᠠᠭᠠᠯᠠᠬᠤ ᠪᠠ ᠨᠡᠶᠢᠬᠡᠮ ᠳᠤ ᠵᠤᠬᠢᠴᠠᠬᠤ ᠴᠢᠳᠠᠪᠤᠷᠢ ᠪᠠᠨ | ᠲᠡᠬᠡᠭᠰᠢᠯᠡᠬᠦᠯᠬᠦ ᠳᠤ ᠪᠦᠷ ᠰᠠᠶᠢᠨ ᠪᠠᠶᠢᠳᠠᠭ᠃ ᠤᠷᠠᠨ ᠰᠠᠶᠢᠬᠠᠨ᠂ ᠪᠠᠶ᠎ᠠ ᠶᠢᠨ ᠲᠠᠮᠢᠷ ᠤᠨ ᠬᠦᠳᠡᠯᠬᠡᠬᠡᠨ ᠤ ᠬᠡᠯᠪᠡᠷᠢ ᠪᠡ ᠤᠳᠠᠭ᠎ᠠ ᠪᠦᠷᠢ ᠶᠢᠨ ᠬᠦᠳᠡᠯᠬᠡᠬᠡᠨ ᠤ | ᠴᠠᠭ ᠢ ᠵᠠᠪᠠᠯ ᠦᠪᠡᠷ ᠤᠨ ᠪᠠᠶ᠎ᠠ ᠶᠢᠨ ᠪᠠᠶᠢᠳᠠᠯ᠂ ᠤᠷᠮ᠎ᠠ ᠰᠤᠨᠢᠷᠬᠠᠯ ᠲᠠᠢ ᠪᠠᠨ ᠵᠤᠬᠢᠴᠠᠭᠤᠯᠬᠤ ᠬᠡᠷᠡᠭᠳᠡᠢ᠃ ︵3︶ ᠤᠨᠳᠠᠬᠤ ᠲᠠᠳᠬᠠᠯ ᠢᠶᠠᠨ ᠰᠠᠶᠢᠨ ᠪᠤᠯᠭᠠᠬᠤ | ᠬᠡᠷᠡᠭᠳᠡᠢ᠃ ᠵᠢᠮ᠎ᠠ ᠶᠤᠰᠤ ᠲᠠᠢ ᠤᠨᠳᠠᠬᠤ ᠪᠤᠯ ᠨᠦᠢᠷ ᠤᠨ ᠴᠢᠨᠠᠷ ᠢ ᠪᠠᠳᠤᠯᠠᠵᠤ᠂ ᠡᠷᠡᠬᠦᠯ ᠮᠠᠨᠳᠤ ᠶᠢ ᠬᠠᠮᠠᠭᠠᠯᠠᠬᠤ ᠳᠤ ᠳᠤᠩ ᠠᠰᠢᠬᠳᠠᠢ ᠪᠠᠶᠢᠳᠠᠭ᠃ ᠤᠨᠳᠠᠬᠤ | ᠴᠠᠭ ᠢ ᠡᠷᠬᠡᠪᠰᠢ ᠨᠠᠰᠤ ᠪᠠ ᠬᠤᠪᠢ ᠬᠦᠮᠤᠨ ᠤ ᠪᠠᠶ᠎ᠠ ᠶᠢᠨ ᠤᠨᠴᠠᠯᠢᠬ ᠢᠶᠠᠨ ᠦᠨᠳᠤᠰᠤᠯᠠᠵᠤ ᠳᠤᠭᠳᠠᠭᠠᠬᠤ ᠬᠡᠷᠡᠭᠳᠡᠢ᠃ ᠶᠠᠷᠤ ᠳᠡᠭᠡᠨ ᠨᠠᠰᠤᠨ ᠳᠤ ᠬᠦᠷᠦᠭᠰᠡᠳ | ᠡᠳᠤᠷ ᠪᠦᠷᠢ 7 ᠊᠊᠊᠊᠊᠊᠊᠊᠊᠊᠊᠊᠊᠊᠊᠊ 8 ᠴᠠᠭ ᠤᠨᠳᠠᠬᠤ ᠴᠢᠬᠤᠯᠠᠳᠠᠢ᠃ ᠤᠷᠤᠢ ᠶᠢᠨ 10 ᠴᠠᠭ ᠠᠴᠠ ᠡᠷᠳᠡ ᠶᠢᠨ 4 ᠴᠠᠭ ᠬᠦᠷᠳᠡᠯ᠎ᠠ᠂ ᠡᠨᠡ ᠬᠦ ᠬᠡᠰᠡᠭ | ᠬᠤᠭᠤᠴᠠᠭᠠᠨ ᠤ ᠤᠨᠳᠠᠬᠤ ᠴᠢᠨᠠᠷ ᠨᠢ ᠬᠠᠮᠤᠭ ᠤᠨ ᠰᠠᠶᠢᠨ ᠪᠠᠶᠢᠳᠠᠭ᠃ ᠤᠷᠤᠢ ᠶᠢᠨ 11 ᠴᠠᠭ ᠦᠩᠬᠡᠷᠡᠪᠡᠯ ᠬᠦᠮᠤᠨ ᠬᠠᠷᠢᠨ ᠬᠦᠬᠡᠷᠴᠤ᠂ ᠨᠡᠩ ᠤᠨᠳᠠᠵᠤ | ᠲᠠᠶᠢᠯᠬᠦ ᠦᠬᠡᠢ ᠪᠤᠯᠳᠠᠭ᠃ ᠡᠷᠳᠡ ᠶᠢᠨ 2᠂ 3 ᠴᠠᠭ ᠪᠤᠯ ᠰᠦᠨᠢᠵᠢᠨ ᠰᠠᠭᠤᠬᠤ ᠬᠦᠮᠤᠨ ᠳᠤ ᠬᠠᠮᠤᠭ ᠤᠨ ᠨᠦᠢᠷ ᠬᠦᠷᠬᠦ ᠴᠠᠭ ᠪᠤᠯᠤᠨ᠎ᠠ᠃ ᠬᠠᠷᠢᠨ | ᠬᠡᠬᠡᠷᠡᠭᠰᠡᠡ ᠤ ᠲᠠᠷᠠᠭ᠎ᠠ᠂ ᠬᠦᠮᠤᠨ ᠰᠡᠷᠬᠡᠭ ᠤᠨᠳᠠᠬᠤ ᠬᠤᠭᠤᠴᠠᠭᠠᠨ ᠳᠤ ᠤᠷᠤᠳᠠᠭ ᠪᠦᠬᠡᠳ ᠤᠨᠳᠠᠯᠭ᠎ᠠ ᠶᠢᠨ ᠴᠢᠨᠠᠷ ᠨᠢ ᠰᠠᠶᠢᠨ ᠪᠢᠰᠢ᠃ ᠵᠠᠷᠢᠮ ᠬᠦᠮᠤᠨ | ᠰᠡᠷᠢᠭᠡᠳ ᠲᠠᠬᠢᠵᠤ ᠤᠨᠳᠠᠬᠤ ᠳᠤᠷᠠᠳᠠᠢ ᠪᠠᠶᠢᠳᠠᠭ᠂ ᠦᠨᠡᠨ ᠳᠡᠭᠡᠨ ᠡᠨᠡ ᠦᠶ᠎ᠠ ᠳᠤ ᠭᠤᠤᠯᠳᠠᠭᠤ ᠰᠡᠷᠬᠡᠭ ᠤᠨᠳᠠᠭᠰᠠᠠ ᠢᠶᠠᠨ ᠨᠦᠬᠦᠪᠤᠷᠢᠯᠠᠵᠤ ᠪᠠᠶᠢᠬᠤ ᠳᠤᠯᠠ | ᠦᠷ᠎ᠠ ᠳ᠋ᠦᠩ ᠨᠢ ᠡᠷᠳᠡ ᠤᠨᠳᠠᠵᠤ ᠡᠷᠳᠡ ᠪᠤᠰᠬᠤ ᠪᠦᠬᠡ ᠤᠨᠳᠠᠬᠤ ᠶᠢ ᠬᠦᠷᠬᠦ ᠦᠬᠡᠢ ᠪᠢᠯᠠ᠃ ᠨᠦᠢᠷ ᠬᠠᠨᠤᠬᠤ ᠦᠬᠡᠢ ᠨᠢ ᠬᠦᠮᠤᠨ ᠤ ᠠᠩᠬᠠᠷᠤᠯ ᠪᠠ | ᠴᠡᠬᠡᠵᠢᠯᠡᠬᠦ ᠴᠢᠳᠠᠪᠤᠷᠢ ᠶᠢ ᠳᠤᠷᠤᠭᠰᠢᠯᠠᠭᠤᠯᠬᠤ ᠮᠦᠷᠳᠡᠬᠡᠨ ᠪᠠᠰᠠ ᠰᠢᠨ᠎ᠠ ᠬᠠᠭᠤᠴᠢᠨ ᠤ ᠰᠤᠯᠢᠯᠴᠠᠭ᠎ᠠ ᠶᠢ ᠬᠠᠷᠰᠢᠯᠠᠵᠤ᠂ ᠦᠳᠡᠯᠬᠦ ᠶᠢ ᠲᠦᠷᠬᠡᠳᠬᠡᠨ᠎ᠠ᠃ ᠬᠡᠳᠤᠷᠬᠡᠢ | ᠤᠳᠠᠭᠠᠨ ᠤᠨᠳᠠᠪᠡᠯ ᠬᠦᠮᠤᠨ ᠤ ᠪᠠᠶ᠎ᠠ ᠳᠤ ᠠᠰᠢᠬ ᠦᠬᠡᠢ᠂ ᠲᠠᠷᠠ ᠨᠢ ᠲᠦᠪ ᠮᠡᠳᠡᠷᠡᠯ ᠤᠨ ᠰᠢᠰᠲ᠋ᠧᠮ ᠢ ᠤᠷᠳᠤ ᠬᠤᠭᠤᠴᠠᠭ᠎ᠠ ᠪᠠᠷ ᠬᠤᠷᠢᠬᠯᠠᠭᠳᠠᠬᠤ ᠪᠠᠶᠢᠳᠠᠯ ᠳᠤ | ᠤᠷᠤᠭᠤᠯᠵᠤ᠂ ᠪᠤᠰᠤᠭᠰᠠᠠ ᠤ ᠲᠠᠷᠠᠭ᠎ᠠ ᠬᠦᠴᠤ ᠲᠠᠮᠢᠷ ᠦᠬᠡᠢ᠂ ᠳᠤᠯᠤᠭᠠᠢ ᠡᠷᠬᠢᠬᠦ ᠲᠦᠷᠦᠭᠳᠡᠯ ᠲᠠᠢ ᠪᠤᠯᠭᠠᠳᠠᠭ᠃ ᠤᠨᠳᠠᠬᠤ ᠴᠠᠭ ᠨᠢ ᠬᠡᠳᠤ ᠤᠷᠳᠤ ᠪᠤᠯᠪᠠᠯ | ᠪᠠᠰᠠ ᠠᠮᠢᠰᠬᠤᠯ ᠤᠳᠠᠭᠠᠰᠢᠷᠠᠵᠤ᠂ ᠬᠦᠴᠢᠯᠳᠦ᠋ᠷᠦᠭᠴᠢ ᠰᠤᠷᠤᠬᠤ ᠨᠢ ᠪᠠᠭᠠᠰᠬᠤ᠂ ᠵᠢᠷᠤᠬᠡ ᠠᠭᠤᠰᠬᠢ ᠪᠤᠯᠤᠨ ᠴᠢᠰᠤᠨ ᠡᠷᠬᠢᠯᠳᠠ ᠶᠢᠨ ᠲᠠᠷᠤᠭᠠᠰᠤ ᠬᠦᠨᠳᠤᠷᠠᠵᠤ᠂ | ᠵᠢᠷᠤᠬᠡᠨ ᠡᠪᠡᠳᠴᠢᠨ ᠪᠠ ᠲᠠᠷᠢᠬᠢᠨ ᠤ ᠴᠢᠰᠤᠨ ᠰᠤᠳᠠᠯ ᠪᠦᠭᠯᠡᠷᠡᠬᠦ ᠠᠶᠤᠯᠳᠠᠢ ᠪᠠᠶᠢᠳᠠᠭ᠃ | |