| | ᠬᠦᠪᠳᠦᠷᠤᠤ ᠲᠠᠢ ᠡᠪᠡᠳᠴᠢᠳᠠᠳ ᠤᠭᠤᠷᠠᠭ᠂ ᠸᠢᠲ᠋ᠠᠮᠢᠨ B12᠂ ᠲᠡᠮᠦᠷ ᠨᠥᠬᠦᠬᠦ ᠭᠡᠷᠡᠭᠳᠡᠢ᠃ ᠵᠠᠷᠢᠮ ᠢᠳᠡᠭᠡᠨ ᠤᠮᠳᠠᠭᠠᠨ ᠨᠢ ᠬᠦᠪᠳᠦᠷᠤᠤ ᠡᠪᠡᠳᠴᠢᠨ | ᠤᠯᠬᠤ ︽ᠲᠦᠷᠭᠡᠳᠭᠡᠭᠦᠷ︾ ᠪᠠᠶᠢᠵᠤ ᠮᠡᠳᠡᠨ᠎ᠡ᠂ ᠡᠶᠢᠮᠤ ᠪᠠᠷ ᠢᠶᠠᠨ ᠳᠤᠤᠷᠡᠬᠢ ᠭᠤᠷᠪᠠᠨ ᠲᠥᠷᠥᠯ ᠤᠨ ᠬᠦᠮᠦᠰ ᠢᠳᠡᠵᠦ ᠤᠣᠭᠤᠬᠤ ᠪᠠᠨ ᠰᠠᠶᠢᠳᠤᠷ ᠬᠢᠴᠢᠶᠡᠬᠡᠷᠡᠢ᠃ | ᠡᠳᠦᠷ ᠳᠤᠲᠤᠮ ᠤᠨ ᠠᠮᠢᠳᠤᠷᠠᠯ ᠳᠤᠮᠳᠠ ᠡᠳᠡᠭᠡᠷ ᠢᠳᠡᠭᠡᠨ ᠤᠮᠳᠠᠭᠠᠨ ᠢ ᠢᠳᠡᠪᠡᠯ ᠬᠦᠪᠳᠦᠷᠤᠤ ᠡᠪᠡᠳᠴᠢᠨ ᠤᠯᠬᠤ ᠶᠢᠨ ︽ᠲᠦᠷᠭᠡᠳᠭᠡᠭᠦᠷ︾ ᠪᠤᠯᠵᠤ ᠮᠡᠳᠡᠬᠦ | ᠳᠤᠯᠠ ᠬᠢᠴᠢᠶᠡᠬᠦ ᠬᠡᠷᠡᠭᠲᠡᠢ᠃ ᠨᠢᠭᠡ᠂ ᠠᠭᠤᠰᠭᠢᠨ ᠬᠦᠪᠳᠦᠷᠤᠦ ᠲᠠᠢ ᠬᠦᠮᠦᠰ ᠭᠤᠷᠪᠠᠨ ᠲᠥᠷᠥᠯ ᠤᠨ ᠬᠤᠭᠤᠯᠠ ᠶᠢ ᠳᠤᠲᠠᠭᠤ ᠢᠳᠡᠪᠡᠯ ᠵᠤᠬᠢᠨ᠎ᠠ᠄ 1. | ᠰᠡᠳᠡᠯᠲᠡ ᠶᠢᠨ ᠴᠢᠨᠠᠷᠲᠠᠢ ᠢᠳᠡᠭᠡᠨ᠄ ᠯᠠᠵᠤᠤ᠂ ᠨᠠᠷᠢᠨ ᠤᠯᠠᠭᠠᠨ ᠯᠠᠵᠤᠤ᠂ ᠰᠢᠷᠠᠬᠰᠠᠨ ᠲᠠᠬᠢᠶ᠎ᠠ᠂ ᠲᠣᠰᠣᠯᠢᠭ ᠪᠣᠣᠪᠤ ᠵᠡᠷᠭᠡ᠃ 2. ᠳᠠᠪᠤᠰᠤ ᠶᠡᠬᠡᠲᠠᠢ ᠢᠳᠡᠭᠡᠨ᠄ | ᠲᠠᠪᠤᠰᠤᠳᠠᠢ ᠨᠤᠭᠤᠭ᠎ᠠ᠂ ᠳᠠᠪᠤᠰᠤᠯᠠᠭᠰᠠᠨ ᠮᠢᠬ᠎ᠠ᠂ ᠳᠠᠪᠤᠰᠤᠯᠠᠭᠰᠠᠨ ᠨᠤᠭᠤᠰᠤᠨ ᠥᠨᠳᠡᠭᠡ ᠵᠡᠷᠭᠡ᠃ 3. ᠰᠡᠳᠡᠯᠲᠡ ᠶᠢᠨ ᠴᠢᠨᠠᠷᠲᠠᠢ ᠤᠮᠳᠠᠭᠠᠨ᠄ ᠺᠣᠹᠧ ᠪᠠ | ᠰᠡᠳᠡᠯᠲᠡ ᠶᠢᠨ ᠴᠢᠨᠠᠷᠲᠠᠢ ᠤᠮᠳᠠᠭᠠᠨ᠂ ᠵᠢᠱᠢᠶᠡᠯᠡᠪᠡᠯ ᠥᠳᠬᠡᠨ ᠴᠠᠢ ᠵᠡᠷᠭᠡ᠃ ᠬᠤᠶᠠᠷ᠂ ᠪᠠᠮᠪᠠᠢ ᠪᠤᠯᠴᠢᠷᠬᠠᠢ ᠶᠢᠨ ᠬᠦᠪᠳᠦᠷᠤᠦ ᠲᠠᠢ ᠬᠦᠮᠦᠰ ᠢᠤᠳ᠋ᠳᠤ ᠢᠳᠡᠭᠡᠨ | ᠢᠳᠡᠬᠦ ᠬᠡᠮᠵᠢᠶ᠎ᠡ ᠪᠠᠨ ᠲᠡᠩᠴᠡᠬᠦᠷᠢᠲᠡᠢ ᠪᠠᠶᠢᠯᠭᠠᠭᠠᠷᠠᠢ᠃ ᠵᠢᠱᠢᠶᠡᠯᠡᠪᠡᠯ᠄ ᠤᠯᠠᠭᠠᠨ ᠨᠣᠭᠤᠭ᠎ᠠ᠂ ᠬᠠᠶᠢᠳᠠᠢ ᠵᠡᠷᠭᠡ ᠳᠠᠯᠠᠢ ᠶᠢᠨ ᠨᠤᠭᠤᠭ᠎ᠠ ᠪᠣᠯᠤᠨ ᠢᠤᠳ᠋ ᠲᠠᠢ | ᠳᠠᠪᠤᠰᠤ ᠶᠢ ᠵᠤᠬᠢᠬᠤ ᠬᠡᠮᠵᠢᠶ᠎ᠡ ᠪᠠᠷ ᠢᠳᠡᠪᠡᠯ ᠰᠠᠶᠢᠨ᠃ ᠢᠤᠳ᠋ ᠦᠭᠡᠢ ᠳᠠᠪᠤᠰᠤ ᠢᠳᠡᠵᠦ᠂ ᠢᠤᠳ᠋ ᠪᠠᠭ᠎ᠠ ᠢᠳᠡᠭᠡᠨ ᠤᠮᠳᠠᠭᠠᠨ᠂ ᠠᠷᠢᠬᠢ ᠲᠠᠮᠠᠬᠢ᠂ ᠺᠣᠹᠧ᠂ | ᠥᠳᠬᠡᠨ ᠴᠠᠢ ᠵᠡᠷᠭᠡ ᠰᠡᠲᠡᠯᠲᠡ ᠶᠢᠨ ᠴᠢᠨᠠᠷᠲᠠᠢ ᠢᠳᠡᠭᠡᠨ ᠤᠮᠳᠠᠭᠠᠨ ᠢ ᠴᠡᠭᠡᠷᠯᠡᠬᠦ ᠶᠢ ᠰᠠᠨᠠᠭᠤᠯᠤᠶ᠎ᠠ᠃ ᠬᠡᠷᠪᠡ ᠪᠠᠮᠪᠠᠢ ᠪᠤᠯᠴᠢᠷᠬᠠᠢ ᠶᠢᠨ ᠬᠦᠪᠳᠦᠷᠤᠦ ᠶᠢᠨ | ᠡᠪᠡᠳᠴᠢᠨ ᠲᠠᠢ ᠪᠤᠯ ᠰᠢᠷ᠎ᠠ ᠯᠤᠤᠪᠠᠩ᠂ ᠣᠷᠢᠶᠠᠮᠠᠯ ᠨᠣᠭᠤᠭ᠎ᠠ ᠳᠤᠲᠠᠭᠤ ᠢᠳᠡᠬᠦ ᠭᠡᠷᠡᠭᠳᠡᠢ᠂ ᠡᠳᠡᠭᠡᠷ ᠢᠳᠡᠭᠡᠨ ᠨᠢ ᠶᠡᠭᠡ ᠪᠤᠶᠤ ᠪᠠᠭ᠎ᠠ ᠬᠡᠮᠵᠢᠶ᠎ᠡ ᠪᠠᠷ ᠪᠠᠮᠪᠠᠢ | ᠪᠤᠯᠴᠢᠷᠬᠠᠢ ᠶᠢᠨ ᠬᠦᠪᠳᠦᠷᠤᠦ ᠶᠢ ᠨᠥᠯᠥᠭᠡᠯᠡᠳᠡᠭ ᠶᠤᠮ᠃ ᠭᠤᠷᠪᠠ᠂ ᠬᠥᠬᠦᠨ ᠤ ᠪᠤᠯᠴᠢᠷᠬᠠᠢ ᠶᠢᠨ ᠬᠦᠪᠳᠦᠷᠤᠦ ᠲᠠᠢ ᠬᠦᠮᠦᠰ ᠠᠮᠢᠲᠠᠨ ᠤ ᠤᠭᠤᠷᠠᠭ ᠢᠳᠡᠬᠦ | ᠬᠡᠮᠵᠢᠶ᠎ᠡ ᠪᠠᠨ ᠬᠢᠵᠠᠭᠠᠷᠯᠠᠬᠤ ᠬᠡᠷᠡᠭᠳᠡᠢ᠂ ᠠᠮᠢᠲᠠᠨ ᠤ ᠤᠭᠤᠷᠠᠭ ᠢᠳᠡᠬᠦ ᠬᠡᠮᠵᠢᠶ᠎ᠡ ᠪᠠᠨ ᠬᠢᠵᠠᠭᠠᠷᠯᠠᠬᠤ ᠨᠢ ᠡᠮ᠎ᠡ ᠬᠤᠷᠮᠣᠨ ᠬᠡᠲᠦ ᠶᠡᠭᠡ ᠪᠤᠢ ᠪᠣᠯᠬᠤ ᠠᠴᠠ | ᠰᠡᠷᠭᠡᠶᠢᠯᠡᠵᠦ ᠲᠠᠶᠢᠯᠤᠨ᠎ᠠ᠂ ᠲᠠᠷᠠᠴᠢᠯᠠᠨ ᠬᠥᠬᠦᠨ ᠤ ᠪᠤᠯᠴᠢᠷᠬᠠᠢ ᠶᠢᠨ ᠬᠤᠣᠷᠲᠤ ᠡᠳ᠋ ᠡᠭᠦᠰᠬᠦ ᠶᠢ ᠬᠢᠴᠢᠶᠡᠬᠦ ᠬᠡᠷᠡᠭᠳᠡᠢ᠃ ︵ᠳᠤᠰ ᠪᠤᠯᠤᠩ ᠤᠨ ᠡᠭᠡ ᠪᠢᠴᠢᠭ ᠢ ︽ | ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ︾ ᠠᠴᠠ ᠰᠢᠯᠵᠢᠬᠦᠯᠪᠡ︶ | |