ᠨᠣᠣᠯᠣᠭᠤᠷ ᠤᠨ ᠬᠠᠨᠲᠠᠭᠠᠰᠤ ᠶᠢ ᠶᠠᠭᠠᠬᠢᠵᠤ ᠤᠬᠢᠶᠠᠬᠤ ᠪᠤᠢ︖
ᠨᠡᠶᠢᠲᠡᠯᠡᠭᠰᠡᠨ ᠴᠠᠭ᠄
2025/5/6
     1. ᠨᠣᠣᠯᠣᠭᠤᠷ ᠤᠨ ᠬᠠᠨᠲᠠᠭᠠᠰᠤ ᠶᠢ ᠬᠦᠢᠲᠡᠨ ᠤᠰᠤᠨ ᠳᠤ 20 ᠮᠢᠨᠦ᠋ᠲ ᠳᠡᠪᠲᠦᠭᠡᠵᠦ᠂ ᠨᠣᠣᠯᠣᠭᠤᠷ ᠤᠨ ᠬᠠᠨᠲᠠᠭᠠᠰᠤ ᠶᠢᠨ ᠳᠣᠲᠣᠷ ᠭᠠᠳᠠᠷ ᠢ ᠭᠦᠢᠴᠡᠳ ᠴᠢᠭᠢᠭᠯᠢᠭ ᠪᠤᠯᠭᠠᠬᠰᠠᠨ ᠤ ᠳᠠᠷᠠᠭ᠎ᠠ ᠤᠬᠢᠶᠠᠯᠭ᠎ᠠ ᠶᠢᠨ ᠡᠳ᠋ ᠢ 30 ᠭᠷᠡᠳᠦ᠋ᠰ ᠤᠨ ᠪᠦᠯᠢᠶᠡᠨ ᠤᠰᠤᠨ ᠳᠤ ᠠᠭᠤᠰᠬᠠᠵᠤ᠂ ᠳᠠᠭᠢᠨ ᠨᠣᠣᠯᠣᠭᠤᠷ ᠤᠨ ᠬᠠᠨᠲᠠᠭᠠᠰᠤ ᠶᠢ 15 ᠮᠢᠨᠦ᠋ᠲ ᠳᠡᠪᠲᠦᠭᠡᠵᠦ᠂ ᠳᠠᠷᠠᠭ᠎ᠠ ᠨᠢ ᠵᠥᠭᠡᠯᠡᠨ ᠨᠣᠣᠰᠣᠨ ᠱᠤᠸᠠᠰᠠ ᠪᠠᠷ ᠬᠥᠩᠭᠡᠬᠡᠨ ᠤᠬᠢᠶᠠᠨ᠎ᠠ᠃    2 . 90 % ᠶᠢᠨ ᠨᠣᠣᠯᠣᠭᠤᠷ ᠤᠨ ᠬᠠᠨᠲᠠᠭᠠᠰᠤ ᠶᠢ ᠭᠠᠷ ᠢᠶᠠᠷ ᠤᠬᠢᠶᠠᠵᠤ᠂ ᠬᠠᠭᠤᠷᠠᠢ ᠪᠠᠷ ᠤᠬᠢᠶᠠᠬᠤ ᠶᠢ ᠴᠡᠭᠡᠷᠯᠡᠨ᠎ᠡ᠃ ᠬᠠᠭᠤᠷᠠᠢ ᠪᠠᠷ ᠤᠬᠢᠶᠠᠬᠤ ᠡᠮ ᠨᠢ ᠳᠤᠯᠠᠭᠠᠯᠠᠬᠤ ᠴᠢᠨᠠᠷ ᠢ ᠨᠥᠯᠥᠭᠡᠯᠡᠵᠦ᠂ ᠪᠥᠰ ᠢ ᠴᠦ ᠬᠠᠭᠤᠴᠢᠷᠠᠭᠤᠯᠳᠠᠭ᠃ ᠮᠠᠰᠢᠨ ᠢᠶᠠᠷ ᠤᠬᠢᠶᠠᠬᠤ ᠪᠠ ᠬᠠᠳᠠᠭᠠᠬᠤ ᠨᠢ ᠨᠣᠣᠯᠣᠭᠤᠷ ᠤᠨ ᠬᠠᠨᠲᠠᠭᠠᠰᠤ ᠶᠢᠨ ᠵᠠᠭᠪᠤᠷ ᠤᠨ ᠭᠡᠯᠪᠡᠷᠢ ᠶᠢ ᠮᠠᠭᠤᠬᠠᠢ ᠪᠤᠯᠭᠠᠵᠤ᠂ ᠳᠤᠯᠠᠭᠠᠯᠠᠬᠤ ᠴᠢᠨᠠᠷ ᠢ ᠨᠢ ᠨᠥᠯᠥᠭᠡᠯᠡᠳᠡᠭ᠃    3 . ᠰᠠᠭᠠᠷᠮᠠᠭ ᠴᠢᠨᠠᠷᠲᠠᠢ ᠤᠬᠢᠶᠠᠯᠭ᠎ᠠ ᠶᠢᠨ ᠡᠳ᠋ ᠬᠡᠷᠡᠭᠯᠡᠪᠡᠯ ᠰᠠᠶᠢᠨ᠃ ᠲᠤᠰ ᠤᠬᠢᠶᠠᠯᠭ᠎ᠠ ᠶᠢᠨ ᠡᠳ᠋ ᠨᠢ ᠬᠤᠪᠴᠠᠰᠤᠨ ᠤ ᠮᠠᠲ᠋ᠧᠷᠢᠶᠠᠯ ᠳᠤ ᠦᠵᠡᠭᠦᠯᠭᠦ ᠬᠤᠣᠷ ᠬᠥᠨᠥᠭᠡᠯ ᠢᠶᠠᠷ ᠬᠠᠮᠤᠭ ᠤᠨ ᠪᠠᠭ᠎ᠠ ᠪᠠᠶᠢᠳᠠᠭ᠂ ᠱᠦᠯᠲᠦᠯᠢᠭ ᠤᠬᠢᠶᠠᠯᠭ᠎ᠠ ᠶᠢᠨ ᠡᠳ᠋ ᠢ ᠬᠡᠷᠡᠭᠯᠡᠭᠡᠳ ᠬᠡᠷᠪᠡ ᠰᠠᠶᠢᠲᠤᠷ ᠵᠠᠶᠢᠯᠬᠤ ᠦᠭᠡᠢ ᠪᠣᠯ ᠦᠯᠡᠳᠡᠭᠰᠡᠨ ᠤᠬᠢᠶᠠᠯᠭ᠎ᠠ ᠶᠢᠨ ᠡᠳ᠋ ᠨᠢ ᠬᠤᠪᠴᠠᠰᠤᠨ ᠤ ᠭᠠᠳᠠᠷᠭᠤ ᠳᠡᠭᠡᠷ᠎ᠡ ᠠᠮᠠᠷᠬᠠᠨ ᠴᠠᠭᠠᠨ ᠥᠩᠭᠡ ᠶᠢᠨ ᠣᠷᠣ ᠮᠥᠷ ᠦᠯᠡᠳᠡᠭᠡᠵᠦ᠂ ᠭᠤᠸ᠎ᠠ ᠰᠠᠶᠢᠬᠠᠨ ᠢ ᠨᠥᠯᠥᠭᠡᠯᠡᠳᠡᠭ᠃ .    4 . ᠨᠣᠣᠯᠣᠭᠤᠷ ᠤᠨ ᠬᠠᠨᠲᠠᠭᠠᠰᠤ ᠶᠢ ᠤᠬᠢᠶᠠᠭᠰᠠᠨ ᠤ ᠳᠠᠷᠠᠭ᠎ᠠ᠂ ᠬᠡᠲᠦᠷᠬᠡᠢ ᠮᠤᠰᠬᠢᠵᠤ ᠪᠤᠯᠬᠤ ᠦᠭᠡᠢ᠃  
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ