ᠰᠠᠷᠢᠮᠰᠠᠭ ᠤᠨ ᠠᠴᠢ ᠲᠤᠰᠠ
ᠨᠡᠶᠢᠲᠡᠯᠡᠭᠰᠡᠨ ᠴᠠᠭ᠄
2025/5/6
         ᠰᠠᠷᠢᠮᠰᠠᠭ ᠨᠢ ᠵᠢᠷᠦᠬᠡ ᠰᠤᠳᠠᠰᠤᠨ ᠤ ᠡᠪᠡᠳᠴᠢᠨ ᠢ ᠡᠳᠡᠭᠡᠬᠦ ᠲᠤᠰᠠ ᠲᠠᠢ ᠪᠥᠭᠡᠳ ᠬᠠᠨᠢᠶᠠᠳᠤ᠂ ᠬᠠᠯᠠᠭᠤᠷᠠᠬᠤ᠂ ᠲᠣᠯᠣᠭᠠᠢ ᠡᠷᠭᠢᠬᠦ ᠪᠠ ᠰᠠᠭᠤᠯᠭᠠᠯᠳᠠ ᠵᠡᠷᠭᠡ ᠶᠢ ᠡᠮᠴᠢᠯᠡᠬᠦ ᠦᠢᠯᠡᠳᠦᠯ ᠲᠠᠢ᠃ ᠮᠥᠨ ᠴᠦ ᠲᠠᠷᠬᠠᠯᠠᠭ᠎ᠠ ᠶᠢᠨ ᠰᠢᠰᠲ᠋ᠧᠮ ᠢ ᠰᠠᠶᠢᠵᠢᠷᠠᠭᠤᠯᠵᠤ᠂ ᠪᠡᠶ᠎ᠡ ᠠᠴᠠ ᠬᠤᠣᠷᠲᠤ ᠪᠣᠳᠠᠰ ᠭᠠᠳᠠᠭᠰᠢᠯᠠᠭᠤᠯᠳᠠᠭ ᠢᠶᠠᠷ ᠪᠠᠷᠠᠬᠤ ᠦᠭᠡᠢ ᠰᠢᠬᠢᠷ ᠰᠢᠵᠢᠩ ᠡᠪᠡᠳᠴᠢᠨ ᠢ ᠰᠡᠷᠭᠡᠶᠢᠯᠡᠳᠡᠭ᠃ ᠵᠥᠭᠡᠢ ᠶᠢᠨ ᠪᠠᠯ ᠨᠢ ᠲᠦᠷᠦᠯ ᠪᠦᠷᠢ ᠶᠢᠨ ᠠᠮᠢᠨ ᠪᠠᠶᠠᠯᠢᠭ ᠲᠤᠯᠠ ᠰᠠᠷᠢᠮᠰᠠᠭ ᠲᠠᠢ ᠴᠤᠭ ᠬᠡᠷᠡᠭᠯᠡᠪᠡᠯ ᠲᠠᠨ ᠤ ᠪᠡᠶ᠎ᠡ ᠶᠢ ᠡᠷᠴᠢ ᠬᠦᠴᠦ ᠪᠠᠷ ᠴᠡᠨᠡᠭᠯᠡᠵᠦ ᠪᠤᠯᠳᠠᠭ᠃       ᠵᠥᠭᠡᠢ ᠶᠢᠨ ᠪᠠᠯ ᠲᠠᠢ ᠰᠠᠷᠢᠮᠰᠠᠭ᠄ ᠬᠡᠳᠦᠨ ᠰᠢᠳᠦ ᠰᠠᠷᠢᠮᠰᠠᠭ ᠢᠶᠠᠨ ᠵᠢᠵᠢᠭᠯᠡᠵᠦ ᠬᠡᠷᠴᠢᠭᠡᠳ᠂ ᠵᠥᠭᠡᠢ ᠶᠢᠨ ᠪᠠᠯ ᠲᠠᠢ ᠬᠤᠯᠢᠨ᠎ᠠ᠃ ᠡᠭᠦᠨ ᠢ ᠥᠯᠥᠨ ᠢᠶᠠᠷ ᠢᠳᠡᠬᠦ ᠪᠥᠭᠡᠳ 7 ᠬᠤᠨᠤᠭ ᠤᠨ ᠲᠤᠷᠰᠢ ᠢᠳᠡᠨ᠎ᠡ᠃ ᠢᠩᠭᠢᠬᠦ ᠪᠠᠷ ᠲᠠᠨ ᠤ ᠪᠡᠶ᠎ᠡ ᠰᠡᠷᠭᠦᠵᠦ᠂ ᠡᠷᠴᠢ ᠬᠦᠴᠦ ᠨᠡᠮᠡᠭᠳᠡᠬᠦ ᠪᠥᠭᠡᠳ ᠬᠤᠣᠷᠲᠤ ᠪᠣᠳᠠᠰ ᠤᠳ ᠭᠠᠳᠠᠭᠰᠢᠯᠠᠵᠤ᠂ ᠬᠤᠳᠣᠭᠤᠳᠤᠨ ᠤ ᠠᠵᠢᠯᠯᠠᠭ᠎ᠠ ᠰᠡᠷᠭᠦᠨ ᠰᠠᠶᠢᠵᠢᠷᠠᠨ᠎ᠠ᠃    
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ