ᠠᠭᠤᠰᠬᠢ ᠪᠠᠨ ᠬᠠᠮᠠᠭᠠᠯᠠᠬᠤ ᠲᠠᠪᠤᠨ ᠠᠷᠭ᠎ᠠ
ᠨᠡᠶᠢᠲᠡᠯᠡᠭᠰᠡᠨ ᠴᠠᠭ᠄
2025/5/6
      ᠠᠭᠤᠰᠬᠢ ᠪᠣᠯ ︽ᠬᠥᠮᠥᠨ ᠤ ᠪᠡᠶ᠎ᠡ ᠶᠢᠨ ᠬᠡᠢ ᠶᠢᠨ ᠦᠨᠳᠦᠰᠦ︾ ᠮᠥᠨ᠂ ᠲᠡᠷᠡ ᠨᠢ ᠠᠮᠢᠰᠬᠤᠯ ᠤᠨ ᠬᠡᠢ ᠶᠢ ᠭᠤᠣᠯᠯᠠᠬᠤ ᠪᠠᠷ ᠪᠠᠷᠠᠬᠤ ᠦᠭᠡᠢ ᠪᠦᠭᠦ ᠪᠡᠶ᠎ᠡ ᠶᠢᠨ ᠬᠡᠢ ᠶᠢ ᠭᠤᠣᠯᠯᠠᠨ᠂ ᠬᠥᠮᠥᠨ ᠤ ᠪᠡᠶ᠎ᠡ ᠶᠢᠨ ᠬᠡᠢ ᠶᠢ ᠡᠭᠦᠰᠬᠡᠬᠦ ᠪᠠ ᠠᠵᠢᠯᠯᠠᠭᠤᠯᠬᠤ ᠲᠠᠢ ᠨᠢᠭᠲᠠ ᠬᠠᠷᠢᠴᠠᠭ᠎ᠠ ᠲᠠᠢ ᠪᠠᠶᠢᠵᠤ᠂ ᠪᠡᠶ᠎ᠡ ᠶᠢᠨ ᠳᠣᠲᠣᠷ᠎ᠠ ᠭᠠᠳᠠᠨᠠᠬᠢ ᠬᠡᠢ ᠶᠢ ᠴᠡᠪᠡᠷᠯᠡᠬᠦ᠂ ᠪᠣᠬᠢᠷ ᠬᠡᠢ ᠶᠢ ᠰᠣᠯᠢᠯᠴᠠᠵᠤ ᠭᠠᠳᠠᠭᠰᠢᠯᠠᠭᠤᠯᠬᠤ ᠵᠠᠮ ᠪᠠᠶᠢᠵᠤ᠂ ᠭᠤᠣᠯ ᠴᠢᠰᠤᠨ ᠰᠤᠳᠠᠯ ᠳᠤ ᠲᠤᠰᠠᠯᠠᠵᠤ ᠵᠢᠷᠦᠬᠡᠨ ᠤ ᠴᠢᠰᠤ ᠶᠢ ᠨᠡᠪᠲᠡᠷᠡᠭᠦᠯᠦᠨ ᠴᠢᠰᠤᠨ ᠰᠤᠳᠠᠯ ᠢ ᠨᠡᠪᠲᠡᠷᠡᠭᠦᠯᠳᠡᠭ᠃    ᠠᠭᠤᠰᠬᠢ ᠪᠠᠨ ᠬᠠᠮᠠᠭᠠᠯᠠᠬᠤ ᠳᠤ ᠳᠣᠣᠷᠠᠬᠢ ᠲᠠᠪᠤᠨ ᠲᠠᠯ᠎ᠠ ᠪᠠᠷ ᠰᠠᠶᠢᠲᠤᠷ ᠠᠩᠬᠠᠷᠬᠤ ᠬᠡᠷᠡᠭᠲᠡᠢ᠄    ᠬᠠᠮᠠᠷ ᠢᠶᠠᠨ ᠢᠯᠢᠬᠦ᠃ ᠬᠤᠶᠠᠷ ᠭᠠᠷ ᠤᠨ ᠡᠷᠡᠬᠡᠢ ᠬᠤᠷᠤᠭᠤᠨ ᠤ ᠪᠠᠨ ᠠᠷᠤ ᠲᠠᠯ᠎ᠠ ᠶᠢ ᠱᠦᠷᠭᠦᠭᠡᠵᠦ ᠬᠠᠯᠠᠭᠤ ᠣᠷᠭᠢᠬᠰᠠᠨ ᠤ ᠳᠠᠷᠠᠭ᠎ᠠ ᠬᠠᠮᠠᠷ ᠤᠨ ᠬᠢᠷ᠎ᠠ᠂ ᠬᠠᠮᠠᠷ ᠤᠨ ᠬᠠᠵᠠᠭᠤ ᠶᠢᠨ ᠬᠤᠶᠠᠷ ᠲᠠᠯ᠎ᠠ ᠪᠠᠷ ᠳᠡᠭᠡᠭᠰᠢ ᠳᠣᠷᠣᠭᠰᠢ 30 ᠤᠳᠠᠭ᠎ᠠ ᠢᠯᠢᠵᠦ ᠨᠤᠬᠤᠯᠠᠨ᠎ᠠ᠂ ᠳᠠᠷᠠᠭ᠎ᠠ ᠨᠢ ᠦᠨᠦᠷᠲᠦ ᠪᠡᠯᠴᠢᠷ ᠢ 20 ᠤᠳᠠᠭ᠎ᠠ ᠢᠯᠢᠨ᠎ᠡ᠃ ᠬᠦᠢᠲᠡᠨ ᠠᠭᠤᠷ ᠠᠮᠢᠰᠬᠤᠯ ᠳᠤ ᠬᠠᠷᠰᠢᠯ ᠲᠠᠢ ᠬᠥᠮᠥᠨ ᠠᠮᠠᠷᠬᠠᠨ ᠬᠠᠮᠠᠷ ᠪᠥᠭᠯᠡᠷᠡᠬᠦ᠂ ᠨᠢᠰᠤ ᠭᠤᠭᠤᠵᠢᠬᠤ ᠢᠯᠡᠷᠡᠯ ᠭᠠᠷᠪᠠᠯ᠂ ᠦᠷᠭᠦᠯᠵᠢ ᠬᠠᠮᠠᠷ ᠤᠨ ᠬᠡᠰᠡᠭ ᠢᠶᠠᠨ ᠢᠯᠢᠵᠦ ᠨᠤᠬᠤᠯᠠᠬᠤ ᠨᠢ ᠡᠪᠡᠳᠴᠢᠨ ᠤ ᠢᠯᠡᠷᠡᠯ ᠢ ᠨᠠᠮᠳᠠᠭᠠᠳᠠᠭ᠃    ᠬᠤᠭᠤᠯᠠᠢ ᠪᠠᠨ ᠢᠯᠢᠬᠦ᠃ ᠡᠷᠡᠬᠡᠢ ᠬᠤᠷᠤᠭᠤ ᠪᠠᠨ ᠪᠤᠰᠤᠳ ᠳᠥᠷᠪᠡᠨ ᠬᠤᠷᠤᠭᠤ ᠲᠠᠢ ᠪᠠᠨ ᠰᠠᠯᠭᠠᠵᠤ᠂ ᠬᠤᠭᠤᠯᠠᠢ ᠤᠷᠤᠭᠤ ᠪᠠᠨ ᠬᠠᠨᠳᠤᠭᠤᠯᠤᠨ᠎ᠠ᠃    ᠰᠠᠭᠤᠬᠤ ᠪᠤᠶᠤ ᠵᠣᠬᠰᠣᠬᠤ ᠳᠠᠭᠠᠨ᠂ ᠲᠣᠯᠣᠭᠠᠢ ᠪᠠᠨ ᠭᠡᠳᠡᠶᠢᠵᠦ᠂ ᠬᠦᠵᠦᠭᠦᠦ ᠪᠠᠨ ᠲᠡᠨᠢᠢᠯᠭᠡᠨ᠂ ᠭᠠᠷ ᠢᠶᠠᠷ ᠢᠶᠠᠨ ᠬᠤᠭᠤᠯᠠᠢ ᠪᠠᠨ ᠳᠠᠭᠠᠭᠤᠯᠤᠨ ᠳᠣᠷᠣᠭᠰᠢ ᠴᠡᠭᠡᠵᠢᠨ ᠤ ᠬᠡᠰᠡᠭ ᠭᠦᠷᠲᠡᠯ᠎ᠡ ᠬᠤᠶᠠᠷ ᠭᠠᠷ ᠢᠶᠠᠨ 30 ᠤᠳᠠᠭ᠎ᠠ ᠰᠣᠯᠢᠵᠤ ᠢᠯᠢᠪᠡᠯ᠂ ᠨᠢᠭᠡ ᠤᠳᠠᠭ᠎ᠠ ᠬᠢᠭᠰᠡᠨ ᠳᠤ ᠲᠣᠭᠠᠴᠠᠵᠤ᠂ ᠡᠨᠡ ᠮᠡᠲᠦ ᠪᠠᠷ ᠦᠷᠭᠦᠯᠵᠢᠯᠡᠨ 2 ~ 3 ᠤᠳᠠᠭ᠎ᠠ ᠬᠢᠨ᠎ᠡ᠃ ᠡᠨᠡ ᠠᠷᠭ᠎ᠠ ᠨᠢ ᠵᠠᠯᠭᠢᠬᠤ᠂ ᠬᠠᠨᠢᠶᠠᠳᠤ ᠶᠢ ᠳᠠᠷᠤᠬᠤ᠂ ᠴᠠᠷ ᠢ ᠠᠷᠢᠯᠭᠠᠬᠤ ᠳᠤ ᠲᠤᠰᠠ ᠲᠠᠢ᠃ ᠠᠮᠢᠰᠬᠤᠯ ᠢᠶᠠᠨ ᠬᠤᠷᠢᠶᠠᠵᠤ ᠭᠠᠷᠭᠠᠬᠤ ᠳᠠᠰᠬᠠᠯ᠃ ᠤᠨᠲᠠᠬᠤ ᠠᠴᠠ ᠪᠠᠨ ᠡᠮᠦᠨ᠎ᠡ ᠪᠤᠶᠤ ᠪᠤᠰᠬᠤ ᠦᠶ᠎ᠡ ᠳᠡᠭᠡᠨ᠂ ᠣᠷᠣ ᠳᠡᠭᠡᠷ᠎ᠡ ᠪᠠᠨ ᠬᠡᠪᠲᠡᠭᠡᠳ ᠬᠡᠪᠡᠯᠢ ᠪᠠᠷ ᠢᠶᠠᠨ ᠠᠮᠢᠰᠬᠤᠵᠤ᠂ ᠠᠭᠠᠵᠢᠮ ᠢᠶᠠᠷ ᠭᠦᠨ ᠠᠮᠢᠰᠬᠤᠭ᠎ᠠ ᠠᠪᠤᠭᠰᠠᠨ ᠤ ᠳᠠᠷᠠᠭ᠎ᠠ ᠠᠮᠢᠰᠬᠤᠯ ᠢᠶᠠᠨ ᠭᠠᠷᠭᠠᠵᠤ᠂ ᠡᠨᠡ ᠮᠡᠲᠦ ᠪᠠᠷ 30 ᠤᠳᠠᠭ᠎ᠠ ᠬᠢᠨ᠎ᠡ᠃    ᠨᠢᠷᠤᠭᠤ ᠪᠠᠨ ᠬᠥᠩᠭᠡᠨ ᠰᠢᠭᠠᠬᠤ᠃ ᠲᠥᠪ ᠰᠠᠭᠤᠵᠤ᠂ ᠨᠢᠷᠤᠭᠤ ᠪᠠᠨ ᠲᠡᠨᠢᠢᠯᠭᠡᠨ᠂ ᠬᠤᠶᠠᠷ ᠨᠢᠳᠦ ᠪᠠᠨ ᠠᠨᠢᠵᠤ᠂ ᠬᠤᠶᠠᠷ ᠭᠠᠷ ᠢᠶᠠᠨ ᠵᠠᠨᠬᠭᠢᠳᠤᠭᠠᠳ᠂ ᠨᠢᠷᠤᠭᠤᠨ ᠤ ᠪᠠᠨ ᠠᠷᠤ ᠪᠠᠷ ᠳᠣᠣᠷ᠎ᠠ ᠠᠴᠠ ᠳᠡᠭᠡᠭᠰᠢ᠂ ᠳᠠᠭᠢᠨ ᠳᠡᠭᠡᠷ᠎ᠡ ᠠᠴᠠ ᠳᠣᠷᠣᠭᠰᠢ ᠬᠥᠩᠭᠡᠨ ᠰᠢᠭᠠᠨ᠎ᠠ᠃ ᠤᠷᠢᠳ ᠢᠶᠠᠷ ᠨᠢᠷᠤᠭᠤᠨ ᠭᠤᠣᠯ ᠳᠠᠭᠠᠨ ᠰᠢᠭᠠᠵᠤ᠂ ᠲᠠᠷᠠᠭ᠎ᠠ ᠨᠢ ᠵᠡᠭᠦᠨ ᠪᠠᠷᠠᠭᠤᠨ ᠲᠠᠯ᠎ᠠ ᠳᠤᠨᠢ ᠬᠥᠩᠭᠡᠨ ᠰᠢᠭᠠᠨ᠎ᠠ᠂ ᠡᠨᠡ ᠮᠡᠲᠦ ᠪᠠᠷ 3 ~ 4 ᠤᠳᠠᠭ᠎ᠠ ᠬᠢᠨ᠎ᠡ᠃ ᠨᠢᠷᠤᠭᠤ ᠪᠠᠨ ᠰᠢᠭᠠᠬᠤ ᠦᠶᠡᠰ ᠠᠮᠢᠰᠬᠤᠯ ᠢᠶᠠᠨ ᠲᠦᠷ ᠬᠤᠷᠢᠶᠠᠵᠤ ᠲᠠᠲᠠᠬᠤ ᠶᠢᠨ ᠬᠠᠮᠲᠤ᠂ 5 ~10 ᠤᠳᠠᠭ᠎ᠠ ᠰᠢᠳᠦ ᠪᠠᠨ ᠬᠠᠪᠢᠷᠤᠨ᠂ ᠰᠢᠯᠦᠰᠦ ᠪᠠᠨ ᠵᠠᠯᠭᠢᠬᠤ ᠶᠢ ᠤᠳᠠᠭᠠᠰᠢᠷᠠᠭᠤᠯᠤᠨ᠎ᠠ᠃ ᠡᠨᠡ ᠬᠦ ᠠᠷᠭ᠎ᠠ ᠨᠢ ᠬᠢᠮᠤᠷᠠᠭ᠎ᠠ ᠶᠢ ᠰᠡᠷᠭᠡᠶᠢᠯᠡᠬᠦ ᠳᠤ ᠠᠰᠢᠭᠲᠠᠢ᠃    ᠦᠷᠭᠦᠯᠵᠢ ᠢᠨᠢᠶᠡᠬᠦ᠃ ᠢᠨᠢᠶᠡᠬᠦ ᠨᠢ ᠬᠥᠮᠥᠨ ᠤ ᠴᠡᠭᠡᠵᠢ ᠶᠢ ᠲᠡᠨᠢᠢᠯᠭᠡᠨ᠂ ᠴᠡᠭᠡᠵᠢᠨ ᠪᠤᠯᠴᠢᠩ ᠢ ᠰᠤᠨᠢᠶᠠᠯᠭᠠᠵᠤ᠂ ᠠᠭᠤᠰᠬᠢᠨ ᠤ ᠪᠠᠭᠲᠠᠭᠠᠮᠵᠢ ᠶᠢ ᠨᠡᠮᠡᠭᠳᠡᠭᠦᠯᠳᠡᠭ᠂ ᠢᠨᠢᠶᠡᠬᠦ ᠳᠤᠮᠳᠠ ᠪᠠᠰᠠ ᠦᠯᠦ ᠮᠡᠳᠡᠭ ᠭᠦᠨ ᠠᠮᠢᠰᠬᠤᠵᠤ᠂ ᠠᠮᠢᠰᠬᠤᠯ ᠤᠨ ᠵᠠᠮ ᠢ ᠴᠡᠪᠡᠷᠯᠡᠳᠡᠭ᠃ ᠬᠥᠮᠥᠨ ᠶᠡᠭᠡ ᠢᠨᠢᠶᠡᠬᠦ ᠪᠠᠷ᠂ ᠨᠡᠩ ᠠᠷᠪᠢᠨ ᠬᠦᠴᠢᠯᠲᠥ᠋ᠷᠥᠭᠴᠢ ᠶᠢ ᠠᠮᠢᠰᠬᠤᠨ ᠣᠷᠣᠭᠤᠯᠵᠤ᠂ ᠪᠣᠬᠢᠷ ᠬᠡᠢ ᠶᠢ ᠠᠮᠢᠰᠬᠤᠨ ᠭᠠᠷᠭᠠᠵᠤ᠂ ᠴᠢᠰᠤᠨ ᠤ ᠡᠷᠭᠢᠯᠲᠡ ᠶᠢ ᠲᠦᠷᠭᠡᠳᠬᠡᠨ᠂ ᠶᠠᠳᠠᠷᠠᠭ᠎ᠠ ᠶᠢ ᠲᠠᠶᠢᠯᠵᠤ᠂ ᠲᠠᠮᠢᠷ ᠲᠡᠩᠬᠡᠭᠡ ᠶᠢ ᠰᠡᠷᠭᠦᠭᠡᠨ᠎ᠡ᠃    ᠡᠭᠦᠨ ᠠᠴᠠ ᠭᠠᠳᠠᠨ᠎ᠠ᠂ ᠵᠠᠷᠢᠮ ᠡᠮ ᠲᠠᠩ ᠨᠢ ᠪᠠᠰᠠ ᠬᠥᠮᠥᠨ ᠤ ᠪᠡᠶ᠎ᠡ ᠶᠢᠨ ᠲᠠᠮᠢᠷ ᠢ ᠰᠢᠮᠡᠵᠢᠭᠦᠯᠵᠦ ᠠᠭᠤᠰᠬᠢ ᠶᠢ ᠰᠠᠶᠢᠵᠢᠷᠠᠭᠤᠯᠬᠤ ᠦᠢᠯᠡᠳᠦᠯ ᠲᠠᠢ ᠪᠠᠶᠢᠳᠠᠭ᠃ ᠵᠢᠱᠢᠶᠡᠯᠡᠪᠡᠯ ᠬᠤᠨᠴᠢᠷ ᠤᠳᠪᠠᠯᠠ ᠴᠡᠴᠡᠭᠲᠦ ᠴᠠᠢ᠄ ᠬᠤᠨᠴᠢᠷ᠂ ᠴᠢᠨ᠋ᠸ᠎ᠠ ᠶᠢᠨ ᠬᠠᠷᠮᠠᠭ ᠲᠤᠰ ᠪᠦᠷᠢ 10 ᠭᠷᠡᠮ ᠬᠢᠵᠦ᠂ 1200 ᠮᠢᠯᠢᠯᠢᠳ᠋ᠷ ᠤᠰᠤ ᠨᠡᠮᠡᠵᠦ ᠶᠡᠭᠡ ᠭᠠᠯ ᠢᠶᠠᠷ ᠪᠤᠴᠠᠯᠭᠠᠨ᠂ ᠪᠠᠭ᠎ᠠ ᠭᠠᠯ ᠢᠶᠠᠷ 10 ᠮᠢᠨᠦ᠋ᠲ ᠪᠤᠴᠠᠯᠭᠠᠵᠤ᠂ ᠳᠠᠭᠢᠨ ᠰᠢᠷ᠎ᠠ ᠤᠳᠪᠠᠯᠠ ᠴᠡᠴᠡᠭ 6 ᠶᠢ ᠬᠢᠵᠦ᠂ ᠪᠠᠭ᠎ᠠ ᠭᠠᠯ ᠢᠶᠠᠷ 5 ᠮᠢᠨᠦ᠋ᠲ ᠪᠤᠴᠠᠯᠭᠠᠨ᠂ ᠵᠣᠬᠢᠬᠤ ᠬᠡᠮᠵᠢᠶᠡᠨ ᠤ ᠮᠥᠰᠥᠨ ᠰᠢᠬᠢᠷ ᠬᠢᠵᠦ᠂ ᠴᠠᠢ ᠪᠣᠯᠭᠠᠨ ᠤᠤᠭᠤᠨ᠎ᠠ ; ᠲᠦᠭᠦᠭᠡᠶ ᠠᠯᠢᠮ᠎ᠠ ᠲᠠᠢ ᠨᠤᠭᠲᠤᠷᠤ ᠡᠪᠡᠰᠦᠨ ᠤ ᠱᠥᠯᠥ᠄ ᠰᠢᠨ᠎ᠡ ᠰᠣᠷᠭᠤᠭ ᠠᠯᠢᠮ᠎ᠠ ᠠᠴᠠ ᠨᠢᠭᠡ ᠶᠢ ᠠᠪᠴᠤ᠂ ᠤᠬᠢᠶᠠᠨ ᠴᠡᠪᠡᠷᠯᠡᠵᠦ ᠬᠠᠯᠢᠰᠤ ᠶᠢ ᠨᠢ ᠱᠠᠭᠠᠯᠵᠤ᠂ ᠭᠤᠣᠯ ᠢ ᠨᠢ ᠵᠢᠵᠢᠭᠯᠡᠨ ᠬᠡᠷᠴᠢᠵᠦ᠂ 3 ~ 5 ᠭᠷᠡᠮ ᠣᠷᠢᠶᠠᠩᠭᠤ ᠨᠤᠭᠲᠤᠷᠤ᠂ ᠵᠦᠷᠵᠢ ᠶᠢᠨ ᠬᠠᠯᠢᠰᠤ ᠶᠢᠨ ᠬᠠᠭᠠᠰ ᠢ ᠨᠢ ᠴᠤᠭ ᠠᠶᠠᠭᠠᠨ ᠳᠤ ᠬᠢᠵᠦ᠂ 300 ᠮᠢᠯᠢᠯᠢᠳ᠋ᠷ ᠤᠰᠤ ᠬᠢᠵᠦ᠂ ᠬᠠᠭᠠᠰ ᠴᠠᠭ ᠵᠢᠩᠨᠡᠭᠰᠡᠨ ᠤ ᠲᠠᠷᠠᠭ᠎ᠠ᠂ ᠨᠤᠭᠲᠤᠷᠤ ᠪᠠ ᠵᠦᠷᠵᠢ ᠶᠢᠨ ᠬᠠᠯᠢᠰᠤ ᠶᠢ ᠲᠡᠭᠦᠵᠦ ᠬᠠᠶᠠᠭᠠᠳ᠂ ᠱᠥᠯᠥ ᠶᠢ ᠨᠢ ᠤᠤᠭᠤᠵᠤ ᠠᠯᠢᠮ᠎ᠠ ᠶᠢ ᠨᠢ ᠢᠳᠡᠨ᠎ᠡ᠃ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ