ᠬᠡᠪᠰᠢᠮᠠᠯ ᠦᠬᠡ ᠶᠢᠨ ᠨᠠᠶᠢᠬᠡᠮ ᠤᠨ ᠬᠡᠷᠡᠭᠯᠠᠬᠡᠨ ᠤ ᠦᠢᠯᠡᠳᠤᠯ ︵ᠨᠢᠬᠡ︶
ᠨᠡᠶᠢᠲᠡᠯᠡᠭᠰᠡᠨ ᠴᠠᠭ᠄
2025/5/27
           ᠨᠢᠬᠡᠳᠤᠬᠡᠷ ᠬᠡᠰᠡᠭ ᠪᠠᠶᠢᠭᠠᠯᠢ ᠶᠢᠷᠳᠢᠨᠴᠤ ᠶᠢ ᠲᠠᠨᠢᠨ ᠮᠡᠳᠡᠬᠦᠢ ᠶᠢᠨ ᠦᠢᠯᠡᠳᠤᠯ  ᠬᠡᠪᠰᠢᠮᠠᠯ ᠦᠬᠡ ᠨᠢ ᠬᠦᠳᠡᠯᠮᠤᠷᠢᠴᠢᠨ ᠲᠦᠮᠡᠨ ᠤ ᠨᠠᠶᠢᠬᠡᠮ ᠤᠨ ᠠᠮᠢᠳᠤᠷᠠᠯ ᠤᠨ ᠲᠤᠷᠰᠢᠯᠭ᠎ᠠ ᠶᠢ ᠬᠤᠷᠢᠶᠠᠩᠭᠤᠶᠢᠯᠠᠬᠰᠠᠨ ᠠᠴᠠ ᠵᠤᠬᠢᠬᠤ ᠵᠢᠮ᠎ᠠ ᠶᠤᠰᠤ ᠶᠢ ᠲᠤᠰᠬᠠᠵᠤ ᠪᠠᠶᠢᠳᠠᠭ᠃ ᠡᠶᠢᠮᠤ ᠠᠴᠠ ᠬᠡᠪᠰᠢᠮᠠᠯ ᠦᠬᠡ ᠨᠢ ᠬᠦᠮᠤᠰ ᠤᠨ ᠶᠢᠷᠳᠢᠨᠴᠤ ᠪᠠ ᠪᠠᠶᠢᠭᠠᠯᠢ ᠶᠢ ᠲᠠᠨᠢᠨ ᠮᠡᠳᠡᠬᠦᠢ ᠳᠤ ᠲᠤᠰᠠ ᠪᠤᠯᠵᠤ᠂ ᠦᠵᠡᠯᠳᠠ ᠲᠠᠨᠢᠯᠳᠠ ᠶᠢᠨ ᠬᠢᠷᠢ ᠲᠦᠪᠰᠢᠨ ᠢ ᠲᠡᠬᠡᠭᠰᠢᠯᠠᠬᠦᠯᠬᠦ ᠦᠢᠯᠡᠳᠤᠯ ᠲᠠᠢ᠃ ᠲᠤᠬᠠᠶᠢᠯᠠᠪᠠᠯ᠂ ᠪᠠᠶᠢᠭᠠᠯᠢ ᠶᠢᠷᠳᠢᠨᠴᠤ ᠲᠠᠰᠤᠷᠠᠯᠳᠠ ᠦᠭᠡᠢ ᠬᠤᠪᠢᠷᠠᠵᠤ ᠦᠬᠡᠷᠡᠴᠢᠯᠡᠭᠳᠠᠵᠤ ᠪᠠᠶᠢᠨ᠎ᠠ ᠬᠡᠳᠡᠭ ᠶᠤᠰᠤ ᠤᠴᠢᠷ ᠢ ︽ᠴᠠᠭ ᠴᠠᠭ ᠢᠶᠠᠷ ᠢᠶᠠᠨ ᠪᠠᠶᠢᠳᠠᠭ ᠦᠭᠡᠢ᠂ ᠴᠡᠬᠢᠯᠳᠠᠭ ᠬᠦᠬᠡ ᠪᠠᠷ ᠢᠶᠠᠨ ᠪᠠᠶᠢᠳᠠᠭ ᠦᠭᠡᠢ︾ ᠬᠡᠬᠦ ᠬᠡᠪᠰᠢᠮᠠᠯ ᠦᠬᠡ ᠪᠠᠷ ᠂ ᠬᠡᠷᠡᠭ ᠪᠤᠳᠠᠰ ᠤᠨ ᠬᠦᠭᠵᠢᠯ ᠤᠨ ᠵᠢᠮ᠎ᠠ ᠬᠠᠤᠯᠢ ᠶᠢ ︽ᠡᠬᠦᠯᠨ ᠦᠳᠡᠯᠪᠠᠯ ᠪᠤᠷᠤᠭᠠᠨ ᠪᠤᠯᠤᠨ᠎ᠠ᠂ ᠦᠬᠢᠨ ᠦᠳᠡᠯᠪᠠᠯ ᠬᠤᠳᠠᠭᠠᠢ ᠪᠤᠯᠤᠨ᠎ᠠ︾ ᠬᠡᠬᠦ ᠬᠡᠪᠰᠢᠮᠠᠯ ᠦᠬᠡ ᠪᠠᠷ᠂ ᠦᠨᠡᠨ ᠶᠤᠰᠤ ᠠᠷᠢᠭᠤᠨ ᠰᠢᠳᠤᠷᠭᠤ ᠦᠢᠯᠡᠰ ᠶᠠᠮᠠᠷ ᠴᠦ ᠰᠢᠯᠭᠠᠯᠳᠠ ᠶᠢ ᠲᠠᠭᠠᠭᠠᠬᠤ ᠪᠦᠬᠡᠳ ᠡᠴᠤᠰ ᠲᠡᠭᠡᠨ ᠵᠠᠪᠠᠯ ᠢᠯᠠᠨ᠎ᠠ ᠬᠡᠰᠠᠨ ᠶᠤᠰᠤ ᠤᠴᠢᠷ ᠢ ︽ᠦᠨᠡᠨ ᠶᠤᠰᠤ ᠵᠢᠰᠤᠷ ᠠᠴᠠ ᠠᠶᠤᠬᠤ ᠦᠭᠡᠢ᠂ ᠦᠨᠡᠨ ᠠᠯᠳᠠ ᠭᠠᠯ ᠠᠴᠠ ᠠᠶᠤᠬᠤ ᠦᠭᠡᠢ︾ ᠬᠡᠬᠦ ᠬᠡᠪᠰᠢᠮᠠᠯ ᠦᠬᠡ ᠪᠠᠷ᠂ ᠪᠠᠶᠢᠭᠠᠯᠢ ᠶᠢᠷᠳᠢᠨᠴᠤ ᠶᠢᠨ ᠵᠢᠮ᠎ᠠ ᠶᠤᠰᠤᠨ ᠤ ᠵᠠᠶᠢᠯᠠᠰᠢ ᠦᠭᠡᠢ ᠴᠢᠨᠠᠷ ᠢ ︽ᠨᠠᠮᠤᠷ ᠪᠤᠯᠪᠠᠯ ᠡᠪᠡᠰᠤ ᠴᠡᠶᠢᠨ᠎ᠠ᠂ ᠨᠠᠰᠤ ᠠᠬᠢᠪᠠᠯ ᠦᠰᠤ ᠴᠡᠶᠢᠨ᠎ᠠ︾ ᠬᠡᠬᠦ ᠬᠡᠪᠰᠢᠮᠠᠯ ᠦᠬᠡ ᠪᠠᠷ᠂ ᠪᠠᠶᠢᠭᠠᠯᠢ ᠶᠢᠨ ᠵᠢᠮ᠎ᠠ ᠶᠤᠰᠤ ᠪᠠᠷ ᠬᠤᠪᠢᠷᠠᠬᠤ ᠶᠢ ︽ᠨᠠᠷᠠᠰᠤᠨ ᠮᠤᠳᠤ ᠬᠦᠬᠡᠷᠠᠪᠠᠴᠤ ᠨᠠᠪᠴᠢ ᠤᠨᠠᠬᠤ ᠴᠠᠭ ᠪᠤᠢ᠂ ᠨᠠᠰᠤ ᠵᠠᠯᠠᠭᠤ ᠪᠤᠯᠪᠠᠴᠤ ᠪᠤᠭᠤᠷᠤᠯ ᠪᠤᠯᠬᠤ ᠴᠠᠭ ᠪᠤᠢ︾ ᠬᠡᠬᠦ ᠬᠡᠪᠰᠢᠮᠠᠯ ᠦᠬᠡ ᠪᠠᠷ ᠲᠤᠰ ᠲᠤᠰ ᠢᠯᠡᠳᠬᠡᠳᠡᠭ᠃   
ᠢᠷᠡᠯᠲᠡ᠄ ᠮᠤᠩᠭᠤᠯᠴᠤᠳ ᠤᠨ ᠬᠡᠪᠰᠢᠮᠠᠯ ᠦᠬᠡ ᠬᠡᠬᠦ ᠨᠤᠮ ᠠᠴᠠ ᠪᠠᠭᠤᠯᠭᠠᠪᠠ