| | ᠰᠣᠨᠳᠣᠷ᠂ ᠪᠠᠭᠤᠪᠴᠢ᠂ ᠪᠥᠭᠡᠵᠢ ᠪᠠ ᠲᠡᠳᠡᠭᠡᠷ ᠢ ᠵᠡᠭᠦᠬᠦ ᠶᠣᠰᠣ ᠵᠠᠩᠰᠢᠯ ᠤᠷᠠᠳ ᠤᠨ ᠵᠠᠷᠢᠮ ᠡᠷᠡᠭᠲᠡᠶᠢᠴᠦᠳ ᠢᠯᠠᠩᠭᠤᠶ᠎ᠠ ᠬᠡᠦᠬᠡᠳ ᠪᠠᠭᠠᠴᠤᠳ | ᠬᠦᠵᠦᠭᠦᠨ ᠳᠡᠭᠡᠨ ᠱᠠᠰᠢᠨ ᠰᠢᠲᠦᠯᠭᠡ ᠶᠢᠨ ᠪᠡᠯᠭᠡ ᠳᠡᠮᠪᠡᠷᠡᠯ ᠲᠠᠢ ᠭᠠᠤᠯᠢ ᠪᠤᠶᠤ ᠵᠡᠰ ᠪᠤᠷᠬᠠᠨ ᠢ ᠤᠲᠠᠰᠤ ᠪᠤᠶᠤ ᠲᠤᠰᠬᠠᠢ ᠡᠮᠵᠢᠵᠦ ᠣᠶᠣᠭᠰᠠᠨ ᠪᠦᠰ | ᠰᠢᠯᠢᠮᠡ ᠪᠠᠷ ᠣᠭᠤᠰᠣᠷᠯᠠᠵᠤ ᠵᠡᠭᠦᠳᠡᠭ ᠳᠠᠳᠬᠠᠯ ᠲᠠᠢ ᠪᠠᠶᠢᠪᠠ᠃ ᠲᠡᠷᠡ ᠨᠢ ᠰᠢᠷ᠎ᠠ ᠶᠢᠨ ᠱᠠᠰᠢᠨ ᠤ ᠰᠢᠲᠦᠯᠭᠡ ᠪᠢᠰᠢᠷᠡᠯ ᠠᠴᠠ ᠡᠭᠦᠰᠦᠯ ᠲᠠᠢ ᠬᠦᠰᠡᠯ | ᠵᠥᠩᠨᠡᠯ ᠢᠶᠠᠨ ᠪᠣᠯᠭᠠᠭᠰᠠᠨ ᠨᠢᠭᠡ ᠵᠦᠢᠯ ᠤᠨ ᠵᠠᠰᠠᠯ ᠵᠢᠮᠰᠡᠭ ᠶᠤᠮ᠃ ᠯᠠᠮᠠ ᠬᠥᠮᠦᠨ ᠬᠦᠵᠦᠭᠦᠨ ᠳᠡᠭᠡᠨ ᠡᠷᠢᠬᠡ ᠵᠡᠭᠦᠳᠡᠭ ᠵᠠᠩᠰᠢᠯ ᠲᠠᠢ᠃ ᠲᠡᠷᠡ ᠨᠢ ᠯᠠᠮᠠ | ᠬᠥᠮᠦᠨ ᠤ ᠮᠠᠨᠢ ᠲᠣᠭᠠᠯᠠᠬᠤ ᠳᠤ ᠳᠥᠭᠦᠮ ᠳᠥᠲᠡ ᠪᠠᠶᠢᠬᠤ᠂ ᠡᠷᠢᠬᠡ ᠪᠠᠨ ᠬᠠᠮᠢᠶ᠎ᠠ ᠦᠭᠡᠢ ᠬᠠᠶᠠᠵᠤ ᠲᠠᠯᠪᠢᠬᠤ ᠦᠭᠡᠢ ᠪᠠᠷ ᠡᠷᠬᠢᠮᠯᠡᠨ ᠨᠠᠨᠳᠢᠩᠨᠠᠵᠤ ᠪᠠᠶᠢᠬᠤ | ᠢᠯᠡᠷᠡᠯ ᠪᠠ ᠰᠤᠳᠤᠷ ᠢ ᠣᠷᠣᠯᠠᠭᠤᠯᠵᠤ ᠪᠠᠶᠢᠬᠤ ᠶᠠᠪᠤᠳᠠᠯ ᠪᠣᠯᠣᠨ᠎ᠠ᠃ ᠰᠠᠬᠢᠯ ᠠᠪᠤᠭᠰᠠᠨ ᠨᠠᠰᠤᠲᠠᠶᠢᠴᠤᠳ ᠲᠣᠯᠣᠭᠠᠢ ᠶᠢᠨ ᠵᠠᠰᠠᠯ ᠵᠢᠮᠰᠡᠭ ᠢᠶᠠᠨ ᠵᠡᠭᠦᠬᠦ ᠪᠠᠨ | ᠵᠣᠭᠰᠣᠵᠤ ᠬᠦᠵᠦᠭᠦᠨ ᠳᠡᠭᠡᠨ ᠡᠷᠢᠬᠡ ᠵᠡᠭᠦᠳᠡᠭ ᠳᠠᠳᠬᠠᠯ ᠲᠠᠢ ᠪᠠᠶᠢᠵᠠᠢ᠃ | ᠤᠷᠠᠳ ᠡᠮᠡᠭᠲᠡᠶᠢᠴᠦᠳ ᠵᠢᠷᠠ ᠬᠦᠷᠪᠡᠯ ᠰᠠᠬᠢᠯ ᠠᠪᠳᠠᠭ ᠶᠣᠰᠣ ᠲᠠᠢ ᠪᠠᠶᠢᠪᠠ᠃ ᠰᠠᠬᠢᠯ ᠠᠪᠬᠤ ᠭᠡᠳᠡᠭ ᠨᠢ ᠯᠠᠮᠠ ᠪᠠᠷ ᠦᠰᠦ ᠭᠡᠵᠢᠭᠡ ᠪᠠᠨ ᠬᠤᠰᠤᠭᠤᠯᠵᠤ | ᠴᠢᠪᠠᠭᠠᠨᠴᠠ ᠪᠣᠯᠬᠤ ᠶᠢ ᠬᠡᠯᠡᠳᠡᠭ᠃ ᠲᠡᠷᠡ ᠨᠢ ᠬᠢᠲᠠᠳ ᠦᠨᠳᠦᠰᠦᠲᠡᠨ ᠤ ᠴᠢᠪᠠᠭᠠᠨᠴᠠ ᠲᠠᠢ ᠠᠳᠠᠯᠢ ᠦᠭᠡᠢ᠂ ᠵᠥᠪᠬᠡᠨ ᠪᠦᠰᠡᠭᠦᠢ ᠠᠴᠠ ᠪᠠᠨ ᠲᠣᠮᠣᠭᠠᠲᠠᠨ | ᠪᠣᠯᠤᠯ᠎ᠠ ᠭᠡᠰᠡᠨ ᠢ ᠢᠯᠡᠳᠬᠡᠨ ᠲᠣᠳᠣᠷᠬᠠᠶᠢᠯᠠᠭᠰᠠᠨ ᠨᠢᠭᠡ ᠵᠦᠢᠯ ᠤᠨ ᠵᠠᠩᠰᠢᠯ ᠶᠤᠮ᠃ ᠬᠠᠷᠢᠨ ᠤᠷᠠᠳ ᠡᠮᠡᠭᠲᠡᠶᠢᠴᠦᠳ ᠱᠢᠷᠦ᠂ ᠰᠤᠪᠤᠳ᠂ ᠣᠭ᠍ᠶᠤ᠂ ᠮᠠᠨᠤ | ᠮᠡᠲᠦ ᠶᠢᠨ ᠬᠤᠪᠣᠷ ᠡᠷᠳᠡᠨᠢᠰ ᠢ ᠪᠥᠬᠡᠯᠢᠭ ᠤᠲᠠᠰᠤ ᠪᠠᠷ ᠬᠡᠯᠬᠢᠵᠦ ᠬᠦᠵᠦᠭᠦᠨ ᠳᠡᠭᠡᠨ ᠵᠡᠭᠦᠳᠡᠭ ᠵᠠᠩᠰᠢᠯ ᠲᠠᠢ ᠪᠠᠶᠢᠵᠠᠢ᠃ ᠲᠡᠷᠡ ᠨᠢ ᠡᠮᠡᠭᠲᠡᠢ ᠬᠥᠮᠦᠰ ᠤᠨ ᠪᠡᠶ᠎ᠡ | ᠮᠠᠬᠠᠪᠣᠳ ᠢᠶᠠᠨ ᠭᠤᠶᠤᠴᠢᠯᠠᠨ ᠵᠠᠰᠠᠬᠤ ᠵᠠᠩᠰᠢᠯ ᠳᠠᠳᠬᠠᠯ ᠠᠴᠠ ᠡᠭᠦᠰᠦᠭᠰᠡᠨ ᠵᠠᠰᠠᠯ ᠵᠢᠮᠰᠡᠭ ᠶᠤᠮ᠃ ᠪᠠᠭᠤᠪᠴᠢ ᠳᠤ ᠵᠡᠰ᠂ ᠭᠠᠤᠯᠢ᠂ ᠠᠯᠲᠠ᠂ ᠮᠥᠩᠭᠦ᠂ ᠮᠠᠨᠤ | ᠵᠡᠷᠭᠡ ᠪᠠᠷ ᠤᠷᠠᠯᠠᠵᠤ ᠦᠢᠯᠡᠳᠦᠭᠰᠡᠨ ᠣᠯᠠᠨ ᠲᠥᠷᠥᠯ ᠵᠦᠢᠯ ᠤᠨ ᠬᠢ ᠪᠠᠶᠢᠳᠠᠭ᠃ ᠡᠷᠡᠭᠲᠡᠶᠢᠴᠦᠳ ᠵᠥᠪᠬᠡᠨ ᠵᠡᠭᠦᠨ ᠭᠠᠷ ᠤᠨ ᠪᠠᠭᠤᠤ ᠳᠠᠭᠠᠨ ᠪᠠᠭᠤᠪᠴᠢ ᠵᠡᠭᠦᠳᠡᠭ | ᠪᠠᠶᠢᠬᠤ ᠳᠤ ᠬᠠᠷᠢᠨ ᠡᠮᠡᠭᠲᠡᠶᠢᠴᠦᠳ ᠬᠤᠶᠠᠷ ᠭᠠᠷ ᠤᠨ ᠪᠠᠭᠤᠤ ᠳᠠᠭᠠᠨ ᠪᠦᠷ ᠵᠡᠭᠦᠵᠦ ᠪᠣᠯᠳᠠᠭ ᠶᠣᠰᠣ ᠵᠢᠷᠤᠮ ᠲᠠᠢ ᠪᠠᠶᠢᠵᠠᠢ᠃ ᠪᠠᠭᠤᠤ ᠵᠡᠭᠦᠵᠦ ᠪᠠᠶᠢᠭ᠎ᠠ ᠨᠢ | ᠭᠤᠶᠣᠯᠠᠯ ᠵᠠᠰᠠᠯ ᠪᠣᠯᠭᠠᠬᠤ ᠶᠢᠨ ᠳᠠᠭᠠᠤ ᠪᠡᠶ᠎ᠡ ᠮᠠᠬᠠᠪᠣᠳ ᠤᠨ ᠴᠢᠰᠤᠨ ᠤ ᠡᠷᠭᠢᠯᠲᠡ ᠶᠢ ᠬᠡᠪ ᠢᠶᠠᠷ ᠪᠠᠶᠢᠯᠭᠠᠬᠤ᠂ ᠲᠡᠮᠦᠷᠯᠢᠭ ᠤᠨ ᠵᠦᠢᠯ ᠢ ᠨᠥᠬᠦᠵᠦ᠂ ᠡᠷᠡᠭᠦᠯ | ᠴᠢᠭᠢᠷᠠᠭ ᠲᠤ ᠶᠡᠬᠡᠬᠡᠨ ᠠᠰᠢᠭ ᠲᠤᠰᠠ ᠲᠠᠢ ᠭᠡᠵᠦ ᠶᠠᠷᠢᠳᠠᠭ ᠶᠤᠮ᠃ ᠤᠷᠠᠳ ᠤᠨ ᠮᠥᠩᠭᠦᠨ ᠪᠠᠭᠤᠪᠴᠢ ᠳᠣᠲᠣᠷ᠎ᠠ ᠣᠨᠴᠠ ᠭᠤᠶᠣᠮᠰᠤᠭ ᠬᠢᠴᠡᠲᠡᠢ ᠪᠠᠭᠤᠪᠴᠢ | ᠠᠷᠪᠢᠨ ᠪᠠᠶᠢᠵᠤ᠂ ᠳᠡᠭᠡᠷ᠎ᠡ ᠨᠢ ᠣᠯᠠᠨ ᠵᠦᠢᠯ ᠤᠨ ᠤᠭᠠᠯᠵᠠ ᠬᠤᠸᠠᠷ ᠤᠷᠠᠯᠠᠭᠰᠠᠨ ᠱᠢᠷᠦ ᠣᠭ᠍ᠶᠤᠨ ᠰᠢᠭᠢᠳᠬᠡᠭᠡᠷᠢ ᠲᠠᠢ ᠭᠤᠶᠣ ᠰᠠᠶᠢᠬᠠᠨ ᠪᠠᠶᠢᠳᠠᠭ᠃ ᠪᠥᠭᠡᠵᠢ ᠨᠢ | ᠮᠥᠨ ᠵᠡᠰ᠂ ᠭᠠᠤᠯᠢ᠂ ᠮᠥᠩᠭᠦ᠂ ᠮᠠᠨᠤ᠂ ᠠᠯᠲᠠ ᠪᠠᠷ ᠤᠷᠠᠨ ᠳᠠᠷᠬᠠᠨ ᠤᠷᠠᠯᠠᠨ ᠦᠢᠯᠡᠳᠦᠭᠰᠡᠨ᠂ ᠳᠡᠭᠡᠷ᠎ᠡ ᠪᠠᠨ ᠰᠢᠭᠢᠳᠬᠡᠭᠡᠷᠢ ᠲᠠᠢ ᠪᠤᠶᠤ ᠰᠢᠭᠢᠳᠬᠡᠭᠡᠷᠢ ᠦᠭᠡᠢ | ᠭᠡᠵᠦ ᠬᠤᠶᠠᠷ ᠵᠦᠢᠯ ᠤᠨ ᠬᠢ ᠪᠠᠶᠢᠵᠠᠢ᠃ ᠡᠷᠡᠭᠲᠡᠶᠢᠴᠦᠳ ᠵᠥᠪᠬᠡᠨ ᠵᠡᠭᠦᠨ ᠭᠠᠷ ᠤᠨ ᠳᠤᠮᠳᠠ ᠬᠤᠷᠤᠭᠤ᠂ ᠢᠳᠠᠮ ᠬᠤᠷᠤᠭᠤᠨ ᠳᠠᠭᠠᠨ ᠭᠠᠭᠴᠠ ᠪᠥᠭᠡᠵᠢ | ᠵᠡᠭᠦᠬᠦ ᠨᠢ ᠠᠷᠪᠢᠨ ᠪᠠᠶᠢᠳᠠᠭ᠃ ᠡᠷᠡᠭᠲᠡᠶᠢᠴᠦᠳ ᠤᠨ ᠪᠥᠭᠡᠵᠢ ᠶᠢᠨ ᠦᠨᠳᠦᠰᠦᠨ ᠣᠨᠴᠠᠯᠢᠭ ᠨᠢ ᠥᠷᠭᠡᠨ ᠪᠥᠭᠡᠳ ᠪᠦᠳᠦᠭᠦᠨ᠂ ᠳᠡᠭᠡᠳᠦ ᠲᠠᠯ᠎ᠠ ᠳᠠᠭᠠᠨ | ᠰᠢᠭᠢᠳᠬᠡᠭᠡᠷᠢ ᠲᠠᠢ ᠪᠤᠶᠤ ᠰᠢᠭᠢᠳᠬᠡᠭᠡᠷᠢ ᠦᠭᠡᠢ ᠭᠡᠵᠦ ᠪᠠᠶᠢᠭᠰᠠᠨ ᠶᠤᠮ᠃ ᠬᠠᠷᠢᠨ ᠡᠮᠡᠭᠲᠡᠶᠢᠴᠦᠳ ᠤᠨ ᠪᠥᠭᠡᠵᠢ ᠪᠣᠯ ᠣᠯᠠᠨ ᠬᠡᠯᠪᠡᠷᠢ ᠳᠦᠷᠰᠦ ᠪᠦᠬᠦᠢ | ᠰᠢᠭᠢᠳᠬᠡᠭᠡᠷᠢ ᠲᠠᠢ ᠪᠠ ᠰᠢᠭᠢᠳᠬᠡᠭᠡᠷᠢ ᠦᠭᠡᠢ ᠭᠡᠵᠦ ᠢᠯᠭᠠᠨ ᠬᠤᠶᠠᠷ ᠭᠠᠷ ᠤᠨ ᠡᠷᠡᠬᠡᠢ ᠬᠤᠷᠤᠭᠤ᠂ ᠳᠤᠮᠳᠠ ᠬᠤᠷᠤᠭᠤ᠂ ᠢᠳᠠᠮ ᠬᠤᠷᠤᠭᠤᠨ ᠳᠠᠭᠠᠨ ᠪᠦᠷ | ᠪᠥᠭᠡᠵᠢ ᠵᠡᠭᠦᠵᠦ ᠪᠣᠯᠳᠠᠭ ᠵᠠᠩ ᠳᠠᠳᠬᠠᠯ ᠲᠠᠢ ᠪᠠᠶᠢᠭᠰᠠᠨ ᠶᠤᠮ᠃ ᠡᠮᠡᠭᠲᠡᠶᠢᠴᠦᠳ ᠤᠨ ᠪᠥᠭᠡᠵᠢ ᠨᠢ ᠡᠷᠡᠭᠲᠡᠶᠢᠴᠦᠳ ᠤᠨ ᠬᠢ ᠲᠠᠢ ᠠᠳᠠᠯᠢᠳᠬᠠᠪᠠᠯ | ᠣᠯᠠᠩᠬᠢ ᠳᠠᠭᠠᠨ ᠨᠠᠷᠢᠪᠲᠤᠷ ᠰᠢᠭ᠋᠂ ᠭᠤᠶᠣᠮᠰᠤᠭ ᠰᠠᠶᠢᠬᠠᠨ ᠶᠠᠩᠵᠤ ᠬᠡᠯᠪᠡᠷᠢ ᠲᠠᠢ ᠪᠠᠶᠢᠳᠠᠭ᠃ ᠨᠢᠭᠡ ᠭᠠᠷ ᠤᠨ ᠬᠤᠷᠤᠭᠤᠨ ᠳᠠᠭᠠᠨ ᠬᠤᠶᠠᠷ ᠠᠴᠠ ᠭᠤᠷᠪᠠ᠂ | ᠬᠤᠶᠠᠷ ᠭᠠᠷ ᠤᠨ ᠬᠤᠷᠤᠭᠤᠨ ᠳᠠᠭᠠᠨ ᠳᠥᠷᠪᠡ ᠠᠴᠠ ᠵᠢᠷᠭᠤᠭᠠᠨ ᠪᠥᠭᠡᠵᠢ ᠲᠠᠢ ᠪᠠᠶᠢᠵᠤ᠂ ᠬᠠᠷᠢᠨ ᠬᠤᠷᠤᠭᠤᠨ ᠳᠠᠭᠠᠨ ᠪᠥᠭᠡᠵᠢ ᠦᠭᠡᠢ ᠡᠮᠡᠭᠲᠡᠶᠢᠴᠦᠳ ᠲᠤᠩ | ᠬᠤᠪᠣᠷ ᠪᠠᠶᠢᠭᠰᠠᠨ ᠶᠤᠮ᠃ ᠤᠷᠠᠳᠴᠤᠳ ᠳᠣᠯᠢᠶᠠᠪᠤᠷ᠂ ᠰᠢᠭᠡᠵᠡᠢ ᠬᠤᠷᠤᠭᠤᠨ ᠳᠠᠭᠠᠨ ᠪᠥᠭᠡᠵᠢ ᠵᠡᠭᠦᠬᠦ ᠶᠢ ᠣᠨᠴᠠᠭᠠᠢ ᠴᠡᠭᠡᠷᠯᠡᠳᠡᠭ᠃ ᠨᠠᠰᠤᠲᠠᠨ ᠲᠣᠮᠣᠭᠠᠲᠠᠨ ᠤ | ᠬᠠᠭᠤᠴᠢᠯᠠᠬᠤ ᠪᠠᠷ᠂ ᠬᠤᠷᠤᠭᠤᠨ ᠳᠠᠭᠠᠨ ᠪᠥᠭᠡᠵᠢ ᠵᠡᠭᠦᠬᠦ ᠨᠢ ᠪᠠᠭᠤᠤ ᠵᠡᠭᠦᠬᠦ ᠲᠠᠢ ᠡᠭᠡᠭᠡ ᠠᠳᠠᠯᠢ ᠬᠥᠮᠦᠨ ᠤ ᠪᠡᠶ᠎ᠡ ᠮᠠᠬᠠᠪᠣᠳ ᠤᠨ ᠡᠷᠡᠭᠦᠯ ᠴᠢᠭᠢᠷᠠᠭ ᠲᠤ | ᠲᠤᠰᠠ ᠲᠠᠢ ᠶᠤᠮ ᠭᠡᠨ᠎ᠡ᠃ ᠤᠷᠠᠳᠴᠤᠳ ᠤᠨ ᠪᠥᠭᠡᠵᠢ ᠵᠡᠭᠦᠬᠦ ᠵᠠᠩᠰᠢᠯ ᠦᠶ᠎ᠡ ᠳᠠᠷᠠᠭᠠᠯᠠᠨ ᠤᠯᠠᠮᠵᠢᠯᠠᠭᠳᠠᠭᠰᠠᠭᠠᠷ ᠣᠳᠣ ᠪᠣᠯᠵᠤ ᠪᠤᠢ᠃ | |