| | ᠭᠦᠢ ᠰᠠᠶᠢᠬᠠᠨ ᠪᠠᠶᠢᠭᠠᠯᠢ ᠶᠢᠨ ᠤᠯᠠᠷᠢᠯ ᠤᠨ ᠡᠬᠢ ᠨᠢ ᠬᠠᠪᠤᠷ ᠴᠠᠭ ᠪᠣᠯ ᠬᠥᠮᠥᠨ ᠤ ᠰᠠᠶᠢᠬᠠᠨ ᠠᠮᠢᠳᠤᠷᠠᠯ ᠤᠨ ᠡᠬᠢᠯᠡᠯ ᠨᠢ ᠵᠠᠯᠠᠭᠤ ᠨᠠᠰᠤ ᠶᠤᠮ᠃ | ᠤᠷᠭᠤᠬᠤ ᠲᠥᠯᠵᠢᠬᠦ᠂ ᠠᠮᠢᠯᠠᠯ ᠰᠡᠷᠭᠦᠯ ᠤᠨ ᠪᠡᠯᠭᠡᠳᠡᠯ ᠪᠣᠯᠤᠭᠰᠠᠨ ᠬᠠᠪᠤᠷ ᠤᠨ ᠤᠷᠢᠨ ᠢᠶᠠᠷ ᠤᠬᠠᠭᠠᠷᠠᠯ ᠵᠥᠩᠨᠡᠯ᠂ ᠮᠥᠷᠥᠭᠡᠳᠦᠯ ᠡᠷᠢᠯᠬᠢᠯᠡᠯ ᠴᠤ ᠪᠣᠱᠤᠭ᠎ᠠ | ᠳᠠᠪᠠᠨ ᠴᠤᠭ ᠰᠠᠭᠠᠲᠠᠳᠠᠭ᠃ | ᠵᠠᠯᠠᠭᠤ ᠽᠠᠨᠳᠠᠨ ᠨᠠᠰᠤ ᠨᠢ ᠬᠥᠮᠥᠨ ᠤ ᠠᠮᠢᠳᠤᠷᠠᠯ ᠤᠨ ᠬᠠᠮᠤᠭ ᠤᠨ ᠨᠠᠨᠳᠢᠨ ᠴᠠᠭ᠂ ᠡᠷᠬᠢᠮ ᠮᠥᠴᠡ ᠪᠣᠯ ᠬᠥᠮᠥᠨ ᠤ ᠠᠮᠢᠳᠤᠷᠠᠯ ᠨᠢ ᠨᠠᠰᠤᠨ ᠤ ᠵᠠᠯᠠᠭᠤ ᠳᠤ | ᠵᠥᠪ ᠢ ᠰᠡᠳᠬᠢᠬᠦ᠂ ᠤᠬᠠᠭᠠᠷᠠᠵᠤ ᠠᠮᠢᠳᠤᠷᠠᠬᠤ ᠳᠤ ᠣᠷᠣᠰᠢᠳᠠᠭ᠃ | ᠭᠠᠯ ᠵᠠᠯᠠᠭᠤ ᠨᠠᠰᠤᠨ ᠳᠤ᠂ ᠪᠢᠳᠡᠨ ᠤ ᠤᠢ ᠰᠡᠳᠬᠢᠬᠦᠢ ᠪᠠᠳᠠᠷᠠᠩᠭᠤᠢ᠂ ᠳᠠᠷ ᠲᠠᠮᠢᠷ ᠲᠡᠭᠦᠯᠳᠡᠷ᠂ ᠡᠷᠢᠯ ᠬᠠᠶᠢᠭᠤᠯ ᠳᠤ ᠰᠣᠨᠢᠭᠤᠴᠢ᠂ ᠦᠵᠡᠯ ᠪᠠᠷᠢᠮᠲᠠᠯᠠᠯ | ᠰᠢᠯᠤᠭᠤᠨ᠃ ᠳᠤᠷᠠᠲᠠᠢ ᠬᠦᠰᠡᠯ ᠳᠡᠭᠡᠨ ᠬᠤᠶᠢᠷᠭᠤᠰᠢ ᠦᠭᠡᠢ᠂ ᠨᠤᠭᠤᠷᠠᠯ ᠳᠤ ᠪᠤᠴᠠᠰᠢ ᠦᠭᠡᠢ᠃ ᠠᠯᠢᠪᠠ ᠳᠤ ᠵᠣᠷᠢᠭ ᠲᠠᠢ᠂ ᠤᠷᠮ᠎ᠠ ᠲᠠᠢ᠃ ᠢᠷᠡᠭᠡᠳᠦᠢ ᠳᠡᠭᠡᠨ | ᠢᠲᠡᠭᠡᠵᠦ ᠦᠨᠡᠮᠰᠢᠨ᠎ᠡ᠂ ᠵᠣᠷᠢᠵᠤ ᠵᠢᠷᠦᠬᠡᠯᠡᠨ᠎ᠡ᠃ ᠡᠨᠡ ᠨᠢ ᠶᠠᠭ ᠯᠡ᠂ ᠨᠡᠷᠡᠳᠦ ᠶᠢᠨ ᠵᠢᠮ᠎ᠡ ᠳᠠᠭᠠᠤ ᠨᠢᠯᠬ᠎ᠠ ᠰᠦᠶᠦᠭᠡ ᠭᠠᠵᠠᠷ ᠰᠦᠪᠡᠯᠡᠨ ᠵᠢᠳᠬᠦᠵᠦ | ᠤᠷᠭᠤᠳᠠᠭ ᠯᠤᠭ᠎ᠠ ᠢᠵᠢᠯ ᠶᠣᠰᠣᠨ ᠪᠢᠯᠡ᠃ | ᠵᠠᠯᠠᠭᠤ ᠶᠢᠨ ᠬᠦᠰᠡᠯ ᠳᠡᠭᠡᠨ ᠥᠷᠲᠥᠨ ᠶᠡᠭᠡ ᠦᠢᠯᠡ ᠶᠢ ᠪᠦᠲᠦᠭᠡᠵᠦ ᠠᠮᠵᠢᠬᠤ᠂ ᠠᠵᠢᠯᠴᠢ ᠭᠦᠳᠡᠯᠮᠤᠷᠢᠴᠢ ᠠᠴᠠ ᠪᠠᠨ ᠣᠯᠵᠠ ᠶᠢᠨ ᠠᠮᠠᠰᠠᠷ ᠢᠶᠠᠨ ᠨᠡᠭᠡᠭᠡᠵᠦ | ᠴᠢᠳᠠᠬᠤ᠂ ᠰᠠᠨᠠᠭᠰᠠᠨ ᠲᠡᠮᠡᠦᠯᠦᠭᠰᠡᠨ ᠢᠶᠠᠷ ᠢᠶᠠᠨ ᠵᠣᠷᠢᠯᠲᠠ ᠳᠠᠭᠠᠨ ᠬᠦᠷᠴᠦ ᠳᠡᠶᠢᠯᠭᠦ ᠡᠰᠡᠬᠦᠯ᠎ᠡ ᠵᠠᠯᠠᠭᠤ ᠶᠢᠨ ᠠᠭᠠᠭ ᠣᠮᠤᠭ ᠢᠶᠠᠷ ᠠᠳᠡᠭᠦᠦ ᠣᠰᠣᠯ ᠭᠠᠷᠭᠠᠬᠤ᠂ | ᠵᠠᠯᠬᠠᠭᠤ ᠬᠤᠶᠢᠷᠭᠤ ᠠᠴᠠ ᠬᠢᠵᠦ ᠪᠦᠲᠦᠭᠡᠬᠦ ᠶᠢᠨ ᠠᠯᠳᠠᠨ ᠴᠠᠭ ᠢᠶᠠᠨ ᠠᠯᠳᠠᠬᠤ᠂ ᠵᠠᠳᠠᠭᠠᠢ ᠰᠠᠯᠠᠩ ᠢᠶᠠᠷ ᠠᠵᠤ ᠶᠠᠪᠤᠳᠠᠯ ᠤᠨ ᠠᠵᠠ ᠳᠤᠭᠢᠶᠡᠯ ᠠᠴᠠ ᠬᠤᠵᠢᠳᠠᠬᠤ | ᠵᠡᠷᠭᠡ ᠶᠢᠨ ᠠᠯᠢ ᠠᠯᠢ ᠨᠢ ᠴᠤ ᠦᠶ᠎ᠡ ᠦᠶ᠎ᠡ ᠶᠢᠨ ᠥᠩᠭᠡ᠂ ᠴᠠᠭ ᠴᠠᠭ ᠤᠨ ᠥᠩᠭᠡᠷᠡᠯᠲᠡ᠃ ᠬᠠᠷᠢᠨ ᠨᠠᠰᠤᠯᠠᠵᠤ ᠥᠲᠡᠯᠬᠦ ᠶᠢᠨ ᠡᠷᠬᠡ ᠪᠠᠷ᠂ ᠡᠷᠭᠢᠨ ᠬᠠᠷᠠᠬᠤ ᠳᠤ | ᠬᠠᠷᠠᠮᠰᠠᠯ ᠭᠤᠮᠣᠳᠠᠯ ᠴᠥᠬᠦᠷᠡᠯ ᠦᠯᠡᠳᠡᠭᠡᠵᠦ ᠤᠤ᠂ ᠣᠮᠣᠭᠰᠢᠯ ᠪᠠᠭ᠋ᠠᠳᠤᠯ ᠳᠤᠷᠠᠳᠬᠠᠯ ᠪᠣᠯᠣᠨ᠎ᠠ ᠤᠤ ᠭᠡᠳᠡᠭ ᠨᠢ ᠴᠢᠬᠤᠯᠠ ᠠᠴᠠ ᠴᠢᠬᠤᠯᠠ᠃ | ᠡᠨᠡ ᠨᠢ ᠶᠠᠭ ᠯᠡ ᠨᠠᠮᠤᠷ ᠤᠨ ᠬᠠᠲᠠᠭᠰᠠᠨ ᠡᠪᠡᠰᠦ ᠳᠠᠷᠠᠭ᠎ᠠ ᠬᠠᠪᠤᠷ ᠤᠨ ᠨᠢᠯᠬ᠎ᠠ ᠰᠦᠶᠦᠭᠡ ᠪᠣᠯᠣᠨ ᠤᠷᠭᠤᠵᠦ ᠪᠤᠯᠳᠠᠭ ᠯᠤᠭ᠎ᠠ ᠢᠵᠢᠯ ᠶᠣᠰᠣᠨ ᠪᠢᠯᠡ᠃ ︽ | ᠵᠠᠯᠠᠭᠤ ᠨᠠᠰᠤ ᠪᠠ ᠬᠠᠪᠤᠷ ᠤᠨ ᠤᠷᠢᠨ ᠢᠵᠢᠯᠬᠡᠨ︾ ᠭᠡᠯᠴᠡᠳᠡᠭ ᠨᠢ ᠦᠨᠡᠨ ᠦᠭᠡ᠂ ᠣᠷᠣ ᠲᠠᠢ ᠵᠣᠭᠤᠭ᠃ ᠬᠠᠪᠤᠷ ᠪᠣᠯ ᠡᠬᠡ ᠪᠠᠶᠢᠭᠠᠯᠢ ᠶᠢᠨ ᠵᠠᠯᠠᠭᠤ ᠨᠠᠰᠤ᠂ | ᠵᠠᠯᠠᠭᠤ ᠨᠠᠰᠤ ᠪᠣᠯ ᠬᠥᠮᠥᠨ ᠵᠠᠶᠠᠭᠠᠨ ᠤ ᠬᠠᠪᠤᠷ ᠴᠠᠭ᠃ ᠤᠷᠢᠨ ᠬᠠᠪᠤᠷ ᠤᠷᠭᠤᠭ᠎ᠠ ᠨᠠᠰᠤ ᠬᠤᠶᠠᠷ ︽ᠠᠭᠤᠯᠵᠠᠬᠤ︾ ᠪᠠᠷ ᠢᠶᠠᠨ ᠠᠮᠢᠵᠢᠷᠠᠯ ᠪᠢᠯᠬᠠᠨ᠂ ᠢᠲᠡᠭᠡᠯ | ᠳᠦᠷᠦᠵᠦ᠂ ᠰᠡᠳᠬᠢᠯ ᠲᠡᠩᠬᠡᠵᠢᠨ᠂ ᠵᠢᠷᠦᠬᠡ ᠳᠣᠭᠳᠣᠯᠬᠤ ᠨᠢ ᠠᠷᠭ᠎ᠠ ᠦᠭᠡᠢ᠃ | ᠤᠷᠢᠨ ᠬᠠᠪᠤᠷ ᠢ ᠤᠭᠲᠤᠬᠤ ᠰᠠᠶᠢᠬᠠᠨ᠂ ᠤᠬᠠᠭᠠᠷᠠᠵᠤ ᠠᠮᠢᠳᠤᠷᠠᠬᠤ ᠨᠡᠩ ᠰᠠᠶᠢᠬᠠᠨ᠃ | |