| | ᠤᠷᠠᠳᠴᠤᠳ ᠤᠳᠤᠮ ᠳᠡᠭᠡᠳᠦ ᠶᠢᠨ ᠦᠶ᠎ᠡ ᠠᠴᠠ ᠪᠠᠨ ᠡᠪᠡᠰᠦᠨ ᠤ ᠰᠣᠷᠭᠤᠭ ᠤᠰᠤᠨ ᠤ ᠲᠤᠩᠭᠠᠯᠠᠭ ᠢ ᠬᠠᠶᠢᠵᠤ ᠨᠡᠭᠦᠳᠡᠯᠯᠡᠨ ᠮᠠᠯᠵᠢᠬᠤ ᠦᠢᠯᠡᠳᠪᠦᠷᠢᠯᠡᠯ ᠢ | ᠡᠷᠬᠢᠯᠡᠵᠦ᠂ ᠲᠠᠪᠤᠨ ᠬᠤᠰᠢᠭᠤ ᠮᠠᠯ ᠤᠨ ᠳᠣᠲᠣᠷ᠎ᠠ ᠥᠨᠢᠳᠡ ᠳᠤᠲᠠᠭᠳᠠᠵᠤ ᠪᠣᠯᠤᠰᠢ ᠦᠭᠡᠢ ᠠᠭᠲᠠ ᠬᠦᠯᠦᠭ ᠢᠶᠠᠨ ᠰᠣᠩᠭᠤᠨ ᠰᠤᠷᠭᠠᠵᠤ᠂ ᠦᠢᠯᠡᠳᠪᠦᠷᠢᠯᠡᠯ | ᠠᠮᠢᠳᠤᠷᠠᠯ᠂ ᠠᠶᠠᠨ ᠬᠥᠰᠭᠡ᠂ ᠳᠠᠶᠢᠨ ᠪᠠᠶᠢᠯᠳᠤᠭᠠᠨ ᠤ ᠳᠤᠮᠳᠠ ᠳᠣᠲᠣᠨᠣ ᠨᠠᠶᠢᠵᠠ ᠪᠠᠨ ᠪᠣᠯᠭᠠᠵᠤ ᠢᠷᠡᠭᠰᠡᠨ ᠲᠡᠦᠬᠡ ᠲᠠᠢ ᠶᠤᠮ᠃ | ᠤᠷᠠᠳᠴᠤᠳ ᠤᠨ ᠤᠷᠭ᠎ᠠ ᠶᠢᠨ ᠮᠣᠷᠢ ᠰᠣᠩᠭᠤᠵᠤ ᠰᠤᠷᠭᠠᠬᠤ ᠨᠢ ᠪᠤᠰᠤᠳ ᠠᠴᠠ ᠢᠯᠭᠠᠭᠳᠠᠭᠰᠠᠨ ᠣᠨᠴᠠᠭᠠᠢ ᠤᠷᠠᠨ ᠠᠪᠢᠶᠠᠰᠯᠢᠭ ᠡᠷᠳᠡᠮ ᠮᠡᠷᠭᠡᠵᠢᠯ ᠲᠠᠢ | ᠪᠠᠶᠢᠳᠠᠭ ᠶᠤᠮ᠃ ᠤᠷᠭ᠎ᠠ ᠶᠢᠨ ᠮᠣᠷᠢ ᠶᠢ ᠰᠣᠩᠭᠤᠬᠤ ᠳᠠᠭᠠᠨ ᠲᠡᠳᠡ ᠪᠡᠶ᠎ᠡ ᠶᠢᠨ ᠬᠢᠨᠢ ᠶᠡᠭᠡ ᠪᠠᠭ᠎ᠠ᠂ ᠵᠢᠰᠦ ᠥᠩᠭᠡᠨ ᠤ ᠬᠢᠨᠢ ᠰᠠᠶᠢᠬᠠᠨ ᠮᠠᠭᠤᠬᠠᠢ ᠶᠢ | ᠦᠨᠳᠦᠰᠦᠨ ᠳᠡᠭᠡᠨ ᠬᠠᠮᠢᠶᠠᠷᠳᠠᠭ ᠦᠭᠡᠢ᠂ ᠵᠥᠪᠬᠡᠨ ᠬᠦᠴᠦ ᠲᠠᠮᠢᠷ ᠰᠠᠶᠢᠨ᠂ ᠳᠠᠪᠬᠢᠭ᠎ᠠ ᠭᠦᠶᠦᠳᠡᠯ ᠬᠤᠷᠳᠤᠨ᠂ ᠬᠥᠳᠡᠯᠵᠦ ᠡᠷᠭᠢᠬᠦ ᠨᠢ ᠪᠤᠰᠢᠭᠤ᠂ ᠵᠠᠩ ᠠᠭᠠᠰᠢ | ᠨᠢ ᠳᠦᠯᠭᠡᠨ ᠨᠣᠮᠣᠬᠠᠨ᠂ ᠤᠨᠤᠵᠤ ᠡᠳ᠋ᠯᠡᠬᠦ ᠳᠤ ᠲᠡᠰᠪᠦᠷᠢᠲᠡᠢ᠂ ᠴᠡᠭᠡᠵᠢ ᠥᠷᠭᠡᠨ᠂ ᠬᠥᠯ ᠰᠠᠶᠢᠲᠠᠢ ᠬᠢᠵᠠᠭᠠᠯᠠᠩ᠂ ᠰᠣᠶᠣᠭᠠᠯᠠᠩ ︵4 — 5︶ ᠨᠠᠰᠤᠨ ᠤ | ᠪᠠᠭ᠎ᠠ ᠮᠣᠷᠢ ᠶᠢ ᠰᠢᠨᠵᠢᠵᠦ ᠰᠣᠩᠭᠤᠵᠤ ᠰᠤᠷᠭᠠᠳᠠᠭ᠃ ᠤᠷᠭ᠎ᠠ ᠶᠢᠨ ᠮᠣᠷᠢ ᠰᠤᠷᠭᠠᠭᠴᠢ ᠬᠥᠮᠦᠨ ᠢ ᠬᠦᠴᠦ ᠳᠣᠷᠪᠢᠲᠠᠢ᠂ ᠠᠵᠢᠯ ᠦᠢᠯᠡ ᠳᠡᠭᠡᠨ ᠬᠢᠨᠠᠭᠤᠷ ᠨᠢᠮᠪᠠᠢ | ᠰᠠᠶᠢᠨ᠂ ᠵᠣᠷᠢᠭ ᠰᠥᠰᠥᠲᠡᠢ᠂ ᠠᠭᠠᠰᠢ ᠵᠠᠩ ᠨᠢ ᠯᠠᠪᠳᠠᠭᠤᠨ ᠲᠣᠭᠲᠠᠭᠤᠨ᠂ ᠠᠳᠤᠭᠤ ᠮᠠᠯ ᠳᠤ ᠬᠠᠶᠢᠷ᠎ᠠ ᠭᠠᠮᠲᠠᠢ᠂ ᠵᠣᠬᠢᠬᠤ ᠮᠡᠷᠭᠡᠵᠢᠯ ᠲᠤᠷᠰᠢᠯᠭ᠎ᠠ ᠲᠠᠢ ᠵᠠᠯᠠᠭᠤ | ᠢᠳᠡᠷᠴᠦᠳ ᠤᠨ ᠳᠣᠲᠣᠷ᠎ᠠ ᠠᠴᠠ ᠴᠠᠭᠠᠷᠠᠭᠰᠠᠨ ᠤᠷᠭᠠᠴᠢᠨ ᠢ ᠰᠣᠩᠭᠤᠳᠠᠭ᠃ ᠤᠷᠠᠳᠴᠤᠳ ᠤᠷᠭ᠎ᠠ ᠶᠢᠨ ᠮᠣᠷᠢ ᠪᠠᠨ ᠰᠣᠩᠭᠤᠭᠰᠠᠨ ᠤ ᠳᠠᠷᠠᠭ᠎ᠠ᠂ ᠤᠨᠤᠵᠤ | ᠡᠳ᠋ᠯᠡᠬᠦ ᠪᠠᠨ ᠵᠣᠬᠢᠮᠵᠢᠲᠠᠢ ᠲᠣᠬᠢᠷᠠᠭᠤᠯᠵᠤ᠂ ᠡᠪᠦᠯ ᠬᠠᠪᠤᠷ ᠤᠨ ᠵᠤᠳ ᠭᠠᠴᠢᠭ ᠲᠠᠢ ᠤᠯᠠᠷᠢᠯ ᠳᠤ ᠵᠣᠬᠢᠬᠤ ᠬᠤᠷ ᠲᠠᠷᠭᠤ ᠬᠦᠴᠦ ᠲᠠᠢ ᠪᠠᠶᠢᠬᠤ ᠶᠢ ᠠᠩᠬᠠᠷᠴᠤ᠂ | ᠬᠠᠪᠤᠷ ᠲᠠᠭᠠᠨ ᠠᠳᠤᠭᠤ ᠨᠣᠭᠤᠭᠠᠨ ᠡᠪᠡᠰᠦᠨ ᠳᠤ ᠬᠠᠭᠠᠰ ᠴᠠᠳᠬᠤ ᠦᠶ᠎ᠡ᠂ ᠦᠳᠡ ᠶᠢᠨ ᠡᠮᠦᠨ᠎ᠡ ᠪᠠ ᠨᠠᠷᠠ ᠵᠢᠷᠭᠠᠬᠤ ᠠᠴᠠ ᠡᠮᠦᠨᠡᠬᠢ ᠴᠠᠭ ᠢ ᠠᠰᠢᠭᠯᠠᠵᠤ | ᠤᠷᠭᠠᠨ ᠳᠤ ᠰᠤᠷᠭᠠᠬᠤ ᠠᠵᠢᠯ ᠢᠶᠠᠨ ᠭᠦᠢᠴᠡᠳᠬᠡᠳᠡᠭ᠃ | ᠤᠷᠭ᠎ᠠ ᠶᠢᠨ ᠮᠣᠷᠢ ᠶᠢ ᠠᠳᠤᠭᠤ ᠮᠣᠷᠢ ᠤᠷᠭᠠᠯᠠᠬᠤ ᠠᠴᠠ ᠡᠮᠦᠨ᠎ᠡ ᠦᠬᠡᠷ᠂ ᠠᠳᠤᠭᠤ᠂ ᠲᠡᠮᠡᠭᠡ ᠮᠡᠲᠦ ᠪᠣᠳᠠ ᠮᠠᠯ ᠢ ᠳᠠᠭᠠᠭᠤᠯᠵᠤ ᠰᠤᠷᠭᠠᠳᠠᠭ᠃ ᠦᠬᠡᠷ | ᠳᠠᠭᠠᠭᠤᠯᠵᠤ ᠰᠤᠷᠭᠠᠪᠠᠯ ᠬᠠᠮᠤᠭ ᠤᠨ ᠰᠠᠶᠢᠨ ᠪᠠᠶᠢᠳᠠᠭ᠃ ᠤᠴᠢᠷ ᠨᠢ ᠦᠬᠡᠷ ᠤᠨ ᠭᠦᠶᠦᠳᠡᠯ ᠪᠢᠳᠠᠭᠤ ᠪᠥᠭᠡᠳ ᠡᠷᠭᠢᠵᠦ ᠪᠣᠯᠭᠢᠬᠤ ᠨᠢ ᠣᠯᠠᠨ ᠲᠤᠯᠠ ᠤᠷᠭᠠᠨ ᠳᠤ | ᠰᠤᠷᠴᠤ ᠪᠠᠶᠢᠬᠤ ᠮᠣᠷᠢ ᠠᠮᠵᠢᠭ᠎ᠠ ᠲᠠᠢ ᠰᠠᠶᠢᠬᠠᠨ ᠰᠤᠷᠴᠤ ᠴᠢᠳᠠᠳᠠᠭ᠃ ᠤᠷᠭᠠᠨ ᠳᠤ ᠰᠤᠷᠭᠠᠭᠠᠬᠤ ᠮᠣᠷᠢ ᠪᠠᠷ ᠦᠬᠡᠷ᠂ ᠠᠳᠤᠭᠤ᠂ ᠲᠡᠮᠡᠭᠡ ᠬᠥᠭᠡᠭᠡᠵᠦ | ᠳᠠᠭᠠᠭᠤᠯᠵᠤ ᠰᠤᠷᠭᠠᠬᠤ ᠳᠠᠭᠠᠨ ᠵᠣᠳᠣᠵᠤ ᠲᠠᠰᠢᠭᠤᠷᠳᠠᠬᠤ ᠶᠢ ᠵᠣᠬᠢᠮᠵᠢᠲᠠᠢ ᠠᠩᠬᠠᠷᠴᠤ᠂ ᠬᠦᠴᠦ ᠲᠠᠮᠢᠷ ᠢ ᠨᠢ ᠬᠡᠲᠦᠷᠡᠲᠡᠯ᠎ᠡ ᠰᠢᠪᠬᠠᠬᠤ ᠶᠢ ᠰᠡᠷᠡᠮᠵᠢᠯᠡᠳᠡᠭ᠃ | ᠶᠡᠷᠦ ᠶᠢᠨ ᠪᠠᠶᠢᠳᠠᠯ ᠳᠣᠣᠷ᠎ᠠ 3 — 5 ᠡᠳᠦᠷ ᠬᠢᠨᠠᠮᠠᠭᠠᠢ ᠰᠠᠶᠢᠬᠠᠨ ᠬᠥᠭᠡᠭᠡᠵᠦ ᠳᠠᠭᠠᠭᠤᠯᠤᠨ ᠰᠤᠷᠭᠠᠭᠰᠠᠨ ᠤ ᠳᠠᠷᠠᠭ᠎ᠠ ᠬᠥᠭᠡᠭᠡᠵᠦ ᠪᠠᠶᠢᠭ᠎ᠠ ᠦᠬᠡᠷ᠂ ᠠᠳᠤᠭᠤ᠂ | ᠲᠡᠮᠡᠭᠡ ᠪᠠᠨ ᠤᠷᠭᠠᠯᠠᠵᠤ ᠳᠠᠭᠠᠭᠤᠯᠤᠨ ᠰᠤᠷᠭᠠᠳᠠᠭ᠃ ᠡᠨᠡ ᠬᠦ ᠱᠠᠲᠤ ᠦᠶ᠎ᠡ ᠶᠢᠨ ᠪᠣᠯᠪᠠᠰᠤᠷᠠᠯ ᠢ ᠨᠡᠯᠢᠶᠡᠳ ᠤᠷᠲᠤ ᠬᠤᠭᠤᠴᠠᠭ᠎ᠠ ᠬᠢᠪᠡᠯ ᠰᠠᠶᠢᠨ ᠪᠠᠶᠢᠳᠠᠭ᠃ | ᠭᠡᠲᠡᠯ᠎ᠡ ᠤᠷᠭᠠᠨ ᠳᠤ ᠰᠤᠷᠭᠠᠵᠤ ᠪᠠᠶᠢᠭ᠎ᠠ ᠮᠣᠷᠢ ᠪᠠᠨ ᠬᠡᠲᠦ ᠶᠠᠳᠠᠷᠠᠭᠠᠵᠤ ᠵᠣᠷᠢᠭ ᠢ ᠨᠢ ᠮᠣᠬᠤᠭᠠᠬᠤ ᠠᠴᠠ ᠣᠨᠴᠠ ᠴᠡᠭᠡᠷᠯᠡᠬᠦ ᠬᠡᠷᠡᠭᠲᠡᠢ᠃ | ᠤᠳᠠᠭ᠎ᠠ ᠪᠦᠷᠢ ᠣᠬᠤᠷ ᠬᠤᠭᠤᠴᠠᠭ᠎ᠠ ᠪᠠᠷ᠂ ᠤᠳᠠᠭ᠎ᠠ ᠳᠠᠷᠠᠭ᠎ᠠ ᠶᠢ ᠨᠢ ᠣᠯᠠᠨ ᠰᠢᠭ᠋ ᠪᠣᠯᠪᠠᠰᠤᠷᠠᠬᠤ ᠬᠡᠯᠪᠡᠷᠢ ᠶᠢ ᠠᠪᠳᠠᠭ᠃ ᠬᠥᠭᠡᠭᠡᠵᠦ ᠳᠠᠭᠠᠭᠤᠯᠬᠤ ᠪᠠ | ᠤᠷᠭᠠᠯᠠᠵᠤ ᠳᠠᠭᠠᠭᠤᠯᠬᠤ ᠶᠢ ᠪᠦᠷ ᠵᠠᠳᠠᠭᠠᠢ ᠣᠷᠴᠢᠨ ᠲᠣᠭᠤᠷᠢᠨ᠂ ᠵᠢᠱᠢᠶᠡᠯᠡᠪᠡᠯ᠂ ᠲᠠᠯ᠎ᠠ ᠵᠣ ᠭᠠᠵᠠᠷ ᠪᠤᠶᠤ ᠴᠢᠯᠠᠭᠤ ᠮᠣᠳᠣ ᠬᠤᠪᠣᠷ ᠡᠯᠡᠰᠦᠷᠬᠡᠭ ᠭᠠᠵᠠᠷ ᠢ | ᠰᠣᠩᠭᠤᠵᠤ ᠰᠤᠷᠭᠠᠪᠠᠯ ᠰᠠᠶᠢᠨ ᠪᠠᠶᠢᠳᠠᠭ ᠪᠢᠯᠡ᠃ ᠬᠠᠮᠤᠭ ᠤᠨ ᠰᠠᠶᠢᠨ ᠨᠢ ᠦᠬᠡᠷ ᠤᠷᠭᠠᠯᠠᠵᠤ ᠳᠠᠭᠠᠭᠤᠯᠤᠨ ᠰᠤᠷᠭᠠᠪᠠᠯ ᠤᠷᠭ᠎ᠠ ᠶᠢᠨ ᠮᠣᠷᠢ ᠠᠮᠠᠷᠬᠠᠨ ᠰᠠᠶᠢᠬᠠᠨ | ᠴᠢᠯᠥᠭᠡᠲᠡᠢ ᠰᠤᠷᠴᠤ ᠴᠢᠳᠠᠳᠠᠭ᠃ ᠤᠷᠭ᠎ᠠ ᠶᠢᠨ ᠮᠣᠷᠢᠨ ᠤ ᠪᠠᠨ ᠬᠦᠴᠦ ᠲᠠᠮᠢᠷ ᠢ ᠠᠷᠪᠢᠯᠠᠵᠤ᠂ ᠰᠤᠷᠬᠤ ᠳᠤᠷᠠᠰᠢᠯ ᠢ ᠨᠢ ᠰᠠᠶᠢᠵᠢᠷᠠᠭᠤᠯᠵᠤ᠂ ᠡᠷᠴᠢ ᠵᠣᠷᠢᠭ ᠢ ᠨᠢ | ᠣᠷᠭᠢᠯᠤᠭᠤᠯᠵᠤ᠂ ᠡᠵᠡᠨ ᠤ ᠪᠠᠨ ᠤᠷᠭᠠᠨ ᠳᠤ ᠰᠤᠷᠭᠠᠵᠤ ᠪᠠᠶᠢᠬᠤ ᠵᠣᠷᠢᠯᠲᠠ ᠶᠢ ᠡᠵᠡᠮᠰᠢᠭᠦᠯᠪᠡᠯ ᠴᠢᠳᠠᠪᠤᠷᠢ ᠮᠡᠷᠭᠡᠵᠢᠯ ᠢ ᠨᠢ ᠲᠦᠷᠭᠡᠨ ᠳᠡᠭᠡᠭᠰᠢᠯᠡᠭᠦᠯᠵᠦ ᠴᠢᠳᠠᠳᠠᠭ | ᠶᠤᠮ᠃ | |