5 ᠰᠠᠷ᠎ᠠ ᠶᠢᠨ 1 ᠤ ᠡᠳᠦᠷ ᠠᠴᠠ ᠭᠠᠷ ᠤᠲᠠᠰᠤᠨ ᠤ ᠡᠨᠡ ᠬᠦ ᠰᠦᠢᠳᠭᠡᠯ ᠬᠢᠮᠳᠠᠷᠠᠨ᠎ᠠ︕
ᠨᠡᠶᠢᠲᠡᠯᠡᠭᠰᠡᠨ ᠴᠠᠭ᠄
2025/4/25
            4 ᠰᠠᠷ᠎ᠠ ᠶᠢᠨ 18 ᠤ ᠡᠳᠦᠷ᠂ ᠳᠤᠮᠳᠠᠳᠤ ᠤᠯᠤᠰ ᠤᠨ ᠰᠢᠯᠵᠢᠮᠡᠯ ᠬᠤᠯᠪᠣᠭ᠎ᠠ ᠠᠯᠪᠠᠨ ᠵᠠᠷ ᠨᠡᠶᠢᠲᠡᠯᠡᠵᠦ᠂ 5 ᠰᠠᠷ᠎ᠠ ᠶᠢᠨ 1 ᠤ ᠡᠳᠦᠷ ᠠᠴᠠ ᠡᠬᠢᠯᠡᠨ ᠪᠥᠬᠦ ᠤᠯᠤᠰ ᠤᠨ ᠲᠥᠷᠥᠯ ᠰᠠᠳᠤᠨ ᠤ ᠬᠠᠶᠢᠷ᠎ᠠ ᠶᠢᠨ ᠰᠦᠯᠵᠢᠶ᠎ᠡ ︵ᠪᠥᠬᠦ ᠤᠯᠤᠰ ᠤᠨ ᠬᠡᠪᠯᠡᠯ︶ ᠶᠢᠨ ᠪᠠᠷᠢᠮᠵᠢᠶᠠᠲᠤ ᠰᠦᠢᠳᠭᠡᠯ ᠢ ᠬᠢᠮᠳᠠᠷᠠᠭᠤᠯᠤᠨ᠎ᠠ᠂ ᠬᠢᠮᠳᠠᠷᠠᠭᠤᠯᠤᠭᠰᠠᠨ ᠤ ᠳᠠᠷᠠᠭ᠎ᠠ ᠦᠨᠳᠦᠰᠦᠨ ᠴᠢᠳᠠᠮᠵᠢ ᠶᠢᠨ ᠰᠦᠢᠳᠭᠡᠯ ᠰᠠᠷ᠎ᠠ ᠳᠤ 5 ᠲᠥᠭᠦᠷᠢᠭ ᠪᠣᠯᠤᠨ᠎ᠠ᠂ ᠡᠭᠦᠨ ᠳᠤ 1 ᠴᠤᠬᠯᠠᠷᠠᠯ ᠤᠨ ᠠᠬᠠᠯᠠᠬᠴᠢ ᠵᠢᠴᠢ 3 ᠪᠦᠷᠢᠯᠳᠦᠬᠦᠨ ᠪᠠᠭᠲᠠᠨ᠎ᠠ᠂ ᠰᠠᠭᠤᠷᠢ ᠪᠦᠷᠢᠯᠳᠦᠬᠦᠨ ᠤ ᠲᠤᠭ᠎ᠠ ᠠᠴᠠ ᠬᠡᠳᠦᠷᠡᠪᠡᠯ᠂ ᠮᠤᠵᠢ ᠶᠢᠨ ᠲᠤᠳᠤᠷᠠᠬᠢ ᠪᠠ ᠮᠤᠵᠢ ᠶᠢᠨ ᠭᠠᠳᠠᠨᠠᠬᠢ ᠪᠦᠷᠢᠯᠳᠦᠬᠦᠨ ᠤ ᠬᠥᠮᠦᠨ ᠪᠦᠷᠢ ᠠᠴᠠ ᠰᠠᠷ᠎ᠠ ᠶᠢᠨ ᠴᠢᠳᠠᠮᠵᠢ ᠶᠢᠨ ᠰᠦᠢᠳᠭᠡᠯ ᠭᠡᠵᠦ 1 ᠲᠥᠭᠦᠷᠢᠭ ᠨᠢᠭᠡᠳᠦᠯᠳᠡᠢ ᠬᠤᠷᠢᠶᠠᠨ᠎ᠠ᠂ ᠴᠤᠬᠯᠠᠷᠠᠯ ᠪᠦᠷᠢ ᠳᠤ ᠬᠠᠮᠤᠭ ᠤᠨ ᠣᠯᠠᠨ ᠳᠠᠭᠠᠨ 19 ᠬᠥᠮᠦᠨ ︵ᠠᠬᠠᠯᠠᠬᠴᠢ ᠪᠠᠭᠲᠠᠨ᠎ᠠ︶ ᠪᠠᠶᠢᠵᠤ᠂ ᠴᠤᠬᠯᠠᠷᠠᠯ ᠤᠨ ᠳᠣᠲᠣᠷᠠᠬᠢ ᠪᠦᠷᠢᠯᠳᠦᠬᠦᠨ ᠤ ᠬᠤᠭᠤᠷᠣᠨᠳᠣ ᠪᠠᠨ ᠪᠥᠬᠦ ᠤᠯᠤᠰ ᠤᠨ ᠬᠡᠪᠴᠢᠶᠡᠨ ᠳᠤ ᠬᠠᠷᠢᠯᠴᠠᠨ ᠶᠠᠷᠢᠯᠴᠠᠵᠤ ᠸᠢᠳᠢᠤ᠋ ᠤᠲᠠᠰᠤ ᠨᠡᠪᠳᠡᠷᠡᠬᠦ ᠳᠤ ᠰᠦᠢᠳᠬᠡᠯ ᠦᠯᠦ ᠬᠤᠷᠢᠶᠠᠬᠤ ︵ᠰᠢᠶᠠᠩᠭᠠᠩ ᠣᠣᠮᠧᠨ ᠲᠠᠶᠢᠸᠠᠨ ᠪᠠᠭᠲᠠᠬᠤ ᠥᠬᠡᠶ︶ ᠶᠢ ᠳᠡᠮᠵᠢᠨ᠎ᠡ ᠭᠡᠪᠡ᠃  
ᠢᠷᠡᠯᠲᠡ᠄ ᠠᠷᠠᠳ ᠤᠨ ᠰᠦᠯᠵᠢᠶ᠎ᠡ