ᠤᠷᠠᠳ ᠤᠨ ᠵᠠᠰᠠᠯ ᠵᠢᠮᠰᠡᠭ ᠵᠡᠭᠦᠰᠭᠡᠯ ᠢ ᠶᠡᠷᠦᠩᠬᠡᠢ ᠳᠤᠨᠢ ᠳᠥᠭᠦᠮᠴᠢᠯᠡᠭᠡᠳ ᠲᠣᠯᠣᠭᠠᠢ ᠶᠢᠨ ᠵᠠᠰᠠᠯ ᠵᠢᠮᠰᠡᠭ ︔ ᠰᠣᠨᠳᠣᠷ᠂ ᠪᠠᠭᠤᠤ᠂ ᠪᠥᠭᠡᠵᠢ︔ ᠪᠡᠶ᠎ᠡ ᠳᠡᠭᠡᠨ | ᠵᠡᠭᠦᠬᠦ ᠬᠡᠲᠡ ᠬᠢᠲᠤᠭ᠎ᠠ᠂ ᠳᠠᠯᠢᠩ ᠪᠣᠯᠤᠨ ᠭᠠᠩᠰᠠ᠂ ᠪᠠᠯ ᠭᠡᠵᠦ ᠭᠤᠷᠪᠠᠨ ᠲᠥᠷᠥᠯ ᠬᠤᠪᠢᠶᠠᠳᠠᠭ᠃ ᠲᠣᠯᠣᠭᠠᠢ ᠶᠢᠨ ᠵᠠᠰᠠᠯ ᠵᠢᠮᠰᠡᠭ ᠤᠷᠠᠳ ᠲᠤ ᠵᠥᠪᠬᠡᠨ | ᠡᠮᠡᠭᠲᠡᠶᠢᠴᠦᠳ ᠲᠣᠯᠣᠭᠠᠢ ᠶᠢᠨ ᠵᠠᠰᠠᠯ ᠵᠢᠮᠰᠡᠭ ᠵᠡᠭᠦᠳᠡᠭ ᠠᠴᠠ ᠪᠢᠰᠢ ᠡᠷᠡᠭᠲᠡᠶᠢᠴᠦᠳ ᠵᠡᠭᠦᠳᠡᠭ ᠦᠭᠡᠢ᠃ ᠤᠷᠠᠳ ᠤᠨ ᠥᠬᠢᠨ ᠲᠠᠪᠤ ᠵᠢᠷᠭᠤᠭᠠᠨ ᠨᠠᠰᠤᠨ ᠳᠠᠭᠠᠨ | ᠴᠢᠬᠢ ᠪᠠᠨ ᠴᠣᠭᠤᠯᠤᠭᠤᠯᠵᠤ ᠂ ᠳᠣᠯᠤᠭ᠎ᠠ ᠠᠴᠠ ᠨᠠᠢᠮᠠᠨ ᠨᠠᠰᠤ ᠬᠦᠷᠪᠡᠯ ᠡᠭᠡᠮᠦᠭ ᠵᠡᠭᠦᠳᠡᠭ᠃ ᠤᠷᠠᠳ ᠡᠭᠡᠮᠦᠭ ᠤᠨ ᠲᠥᠷᠥᠯ ᠵᠦᠢᠯ ᠳᠤ᠄ ᠵᠡᠰ᠂ ᠭᠠᠤᠯᠢ᠂ | ᠮᠥᠩᠭᠦ᠂ ᠠᠯᠲᠠ ᠪᠠᠷ ᠤᠷᠠᠯᠠᠨ ᠦᠢᠯᠡᠳᠦᠭᠰᠡᠨ ᠭᠠᠷᠠᠬ᠎ᠠ᠂ ᠲᠣᠪᠣᠷᠤᠤ᠂ ᠰᠢᠭᠢᠳᠬᠡᠭᠡᠷᠢ ᠲᠠᠢ᠂ ᠰᠢᠭᠢᠳᠬᠡᠭᠡᠷᠢ ᠦᠭᠡᠢ ᠵᠡᠷᠭᠡ ᠣᠯᠠᠨ ᠵᠦᠢᠯ ᠤᠨ ᠡᠭᠡᠮᠦᠭ ᠪᠠᠶᠢᠵᠠᠢ᠃ | ᠪᠠᠰᠠ ᠱᠢᠷᠦ ᠰᠤᠪᠤᠳ ᠤᠨ ᠤᠨᠵᠢᠯᠭ᠎ᠠ ᠲᠠᠢ ᠡᠭᠡᠮᠦᠭ ᠭᠡᠵᠦ ᠪᠠᠶᠢᠭᠰᠠᠨ ᠶᠤᠮ᠃ ᠤᠨᠵᠢᠯᠭ᠎ᠠ ᠲᠠᠢ ᠡᠭᠡᠮᠦᠭ ᠢ ᠨᠡᠯᠢᠶᠡᠳ ᠶᠡᠭᠡ ᠪᠣᠯᠣᠭᠰᠠᠨ ᠥᠬᠢᠳ ᠪᠤᠶᠤ ᠪᠠᠶᠠᠨ | ᠴᠢᠨᠡᠭᠡᠯᠢᠭ ᠠᠶᠢᠯ ᠤᠨ ᠥᠬᠢᠳ ᠵᠡᠭᠦᠵᠦ ᠪᠠᠶᠢᠵᠠᠢ᠃ ᠥᠬᠢᠨ ᠬᠥᠮᠦᠨ ᠠᠷᠪᠠᠨ ᠭᠤᠷᠪᠠᠨ ᠨᠠᠰᠤ ᠭᠦᠢᠴᠡᠪᠡᠯ ᠠᠷᠤ ᠤᠷᠤᠭᠤ ᠪᠠᠨ ᠤᠨᠵᠢᠭᠤᠯᠤᠭᠰᠠᠨ᠂ ᠭᠠᠭᠴᠠ | ᠭᠦᠷᠦᠭᠰᠡᠨ ᠪᠢᠲᠡᠭᠦᠦ ᠭᠡᠵᠢᠭᠡ ᠲᠠᠯᠪᠢᠵᠤ᠂ ᠭᠡᠵᠢᠭᠡᠨ ᠠᠴᠠ ᠪᠠᠨ ᠠᠮᠢᠲᠠᠢ ᠭᠡᠰᠡᠨ ᠵᠠᠰᠠᠯ ᠵᠢᠮᠰᠡᠭ ᠤᠨ ᠡᠳ᠋ ᠵᠡᠭᠦᠵᠦ ᠪᠠᠶᠢᠵᠠᠢ᠃ ᠠᠷᠪᠠᠨ ᠲᠠᠪᠤ᠂ ᠵᠢᠷᠭᠤᠭ᠎ᠠ ᠬᠦᠷᠪᠡᠯ | ᠡᠮᠦᠰᠴᠦ ᠵᠡᠭᠦᠬᠦ ᠪᠠᠨ ᠠᠩᠬᠠᠷᠤᠨ ᠥᠭᠡᠷᠡᠴᠢᠯᠡᠵᠦ᠂ ᠲᠣᠯᠣᠭᠠᠢ ᠪᠠᠨ ᠶᠠᠭᠠᠨ ᠨᠣᠭᠤᠭᠠᠨ ᠬᠤᠷᠴᠠ ᠭᠤᠶᠣᠮᠰᠤᠭ ᠥᠩᠭᠡ ᠶᠢᠨ ᠳᠤᠷᠳᠤᠩ ᠠᠯᠴᠢᠭᠤᠷ ᠢᠶᠠᠷ | ᠳᠤᠭᠤᠶᠢᠯᠠᠨ ᠣᠷᠢᠶᠠᠵᠤ᠂ ᠪᠡᠶ᠎ᠡ ᠳᠡᠭᠡᠨ ᠶᠠᠭᠠᠨ ᠨᠣᠭᠤᠭᠠᠨ ᠥᠩᠭᠡ ᠲᠠᠢ ᠲᠣᠷᠭᠠᠨ ᠲᠡᠷᠯᠢᠭ ᠡᠮᠦᠰᠴᠦ ᠮᠣᠷᠢ ᠤᠨᠤᠭ᠎ᠠ ᠪᠠᠷ ᠭᠠᠳᠠᠭᠰᠢ ᠶᠠᠪᠤᠪᠠᠯ ᠳᠤᠷᠳᠤᠩ ᠪᠦᠰᠡ | ᠪᠦᠰᠡᠯᠡᠳᠡᠭ ᠪᠠᠶᠢᠭᠰᠠᠨ ᠶᠤᠮ᠃ ᠭᠡᠬᠦ ᠳᠡᠭᠡᠨ ᠳᠡᠪᠡᠯ᠂ ᠲᠡᠷᠯᠢᠭ ᠡᠮᠦᠰᠬᠦ ᠳᠡᠭᠡᠨ ᠵᠠᠪᠠᠯ ᠭᠤᠲᠤᠯ ᠡᠮᠦᠰᠬᠦ ᠶᠢ ᠡᠷᠬᠢᠮᠯᠡᠨ ᠴᠢᠬᠤᠯᠠᠴᠢᠯᠠᠳᠠᠭ᠃ ᠬᠠᠷᠢᠨ ᠱᠠᠬᠠᠢ ᠲᠠᠢ | ᠳᠡᠪᠡᠯ᠂ ᠲᠡᠷᠯᠢᠭ ᠡᠮᠦᠰᠬᠦ ᠶᠢ ᠢᠴᠢᠭᠦᠷᠢ ᠪᠠᠷ ᠦᠵᠡᠳᠡᠭ ᠵᠠᠩᠰᠢᠯ ᠲᠠᠢ᠃ ᠥᠬᠢᠨ ᠬᠥᠮᠦᠨ ᠠᠷᠪᠠᠨ ᠲᠠᠪᠤ ᠵᠢᠷᠭᠤᠭ᠎ᠠ ᠬᠦᠷᠦᠮᠡᠭᠴᠡ ᠤᠷᠲᠤ ᠭᠦᠷᠦᠮᠡᠯ ᠪᠢᠲᠡᠭᠦᠦ | ᠭᠡᠵᠢᠭᠡᠨ ᠳᠡᠭᠡᠷ᠎ᠡ ᠪᠠᠨ ᠣᠭ᠍ᠶᠤ ᠱᠢᠷᠦ ᠰᠤᠪᠤᠳ ᠬᠡᠯᠬᠢᠭᠰᠡᠨ ᠮᠠᠩᠨᠠᠢ ᠶᠢᠨ ᠲᠣᠣᠷ ᠵᠡᠭᠦᠵᠦ᠂ ᠵᠢᠩᠰᠡ ᠲᠠᠢ ᠳᠤᠭᠤᠢ ᠮᠠᠯᠠᠭᠠᠢ ᠡᠮᠦᠰᠳᠡᠭ ᠶᠣᠰᠣ ᠲᠠᠢ᠃ ᠤᠷᠠᠳ ᠤᠨ | ᠥᠬᠢᠳ ᠠᠷᠪᠠᠨ ᠳᠣᠯᠤᠭ᠎ᠠ ᠪᠤᠶᠤ ᠠᠷᠪᠠ ᠶᠢᠰᠦᠨ ᠨᠠᠰᠤᠨ ᠳᠤ ᠬᠠᠷᠢ ᠳᠤ ᠮᠣᠷᠳᠠᠵᠤ ᠠᠶᠢᠯ ᠤᠨ ᠪᠡᠷᠢ ᠪᠣᠯᠳᠠᠭ ᠵᠠᠩᠰᠢᠯ ᠵᠢᠷᠤᠮ ᠲᠠᠢ ᠪᠠᠶᠢᠭᠰᠠᠨ ᠶᠤᠮ᠃ | ᠬᠠᠷᠢ ᠳᠤ ᠮᠣᠷᠳᠠᠵᠤ ᠪᠦᠰᠡᠭᠦᠢ ᠪᠣᠯᠣᠭᠰᠠᠨ ᠡᠮᠡᠭᠲᠡᠢ ᠲᠣᠯᠣᠭᠠᠢ ᠶᠢᠨ ᠵᠠᠰᠠᠯ ᠵᠢᠮᠰᠡᠭ ᠵᠡᠭᠦᠵᠦ᠂ ᠪᠦᠰᠡ ᠪᠦᠰᠡᠯᠡᠬᠦ ᠦᠭᠡᠢ ᠲᠣᠲᠣᠭᠤ ᠡᠮᠦᠰᠳᠡᠭ ᠶᠣᠰᠣ ᠲᠠᠢ | ᠶᠤᠮ᠃ ᠡᠶᠢᠮᠦ ᠠᠴᠠ ᠬᠠᠷᠢ ᠳᠤ ᠮᠣᠷᠳᠠᠭᠰᠠᠨ ᠡᠮᠡᠭᠲᠡᠶᠢᠴᠦᠳ ᠢ ᠰᠠᠶ᠋ᠢ ᠪᠦᠰᠡᠭᠦᠢ ᠭᠡᠵᠦ ᠨᠡᠷᠡᠯᠡᠳᠡᠭ᠃ ᠲᠡᠷᠡ ᠨᠢ ᠬᠠᠷᠢ ᠳᠤ ᠮᠣᠷᠳᠠᠭᠠᠳ ᠪᠦᠰᠡ ᠪᠦᠰᠡᠯᠡᠬᠦ ᠪᠠᠨ | ᠪᠠᠶᠢᠯ᠎ᠠ ᠭᠡᠰᠡᠨ ᠤᠳᠬ᠎ᠠ ᠲᠠᠢ ᠦᠭᠡ ᠶᠤᠮ᠃ ᠤᠷᠠᠳᠴᠤᠳ ᠲᠣᠯᠣᠭᠠᠢ ᠶᠢᠨ ᠵᠠᠰᠠᠯ ᠢ ᠪᠠᠰᠠ ᠲᠣᠯᠣᠭᠠᠢ ᠶᠢᠨ ᠵᠢᠮᠰᠡᠭ ᠭᠡᠳᠡᠭ᠃ ᠲᠣᠯᠣᠭᠠᠢ ᠶᠢᠨ ᠵᠠᠰᠠᠯ ᠵᠡᠭᠦᠬᠦ ᠳᠤ | ᠤᠷᠢᠳ ᠢᠶᠠᠷ ᠲᠠᠲᠠᠭᠤᠷ ᠵᠡᠭᠦᠳᠡᠭ᠃ | ᠲᠠᠲᠠᠭᠤᠷ ᠨᠢ ᠪᠤᠰᠤᠳ ᠵᠠᠰᠠᠯ ᠵᠡᠭᠦᠬᠦ ᠶᠢᠨ ᠰᠠᠭᠤᠷᠢ ᠪᠣᠯᠳᠠᠭ ᠶᠤᠮ᠃ ᠲᠡᠷᠡ ᠨᠢ ᠴᠠᠷᠳᠠᠵᠤ ᠣᠶᠣᠭᠰᠠᠨ ᠬᠠᠷ᠎ᠠ ᠥᠩᠭᠡ ᠶᠢᠨ ᠪᠦᠰ ᠲᠣᠷᠭᠠᠨ ᠳᠡᠭᠡᠷ᠎ᠡ ᠲᠣᠮᠣ | ᠲᠣᠮᠣ ᠲᠠᠯ᠎ᠠ ᠱᠢᠷᠦ ᠶᠢᠨ ᠰᠢᠭᠢᠳᠬᠡᠭᠡᠷᠢ ᠲᠠᠢ ᠳᠦᠭᠦᠷᠡᠩ ᠬᠡᠯᠪᠡᠷᠢ ᠲᠠᠢ ᠠᠷᠪᠠᠨ ᠨᠠᠢᠮᠠᠨ ᠮᠥᠩᠭᠦᠨ ᠬᠠᠳᠠᠯᠭ᠎ᠠ ᠲᠠᠢ ᠪᠠᠶᠢᠳᠠᠭ᠃ ᠲᠡᠭᠦᠨ ᠢ ᠪᠢᠲᠡᠭᠦᠦ ᠴᠠᠭᠠᠷᠢᠭ | ᠬᠡᠯᠪᠡᠷᠢ ᠲᠠᠢ ᠤᠷᠠᠯᠠᠵᠤ ᠦᠢᠯᠡᠳᠦᠭᠰᠡᠨ ᠲᠤᠯᠠ ᠲᠣᠯᠣᠭᠠᠢ ᠶᠢᠨ ᠣᠷᠣᠢ ᠳᠡᠭᠡᠷ᠎ᠡ ᠤᠭᠯᠠᠵᠤ ᠲᠠᠯᠪᠢᠪᠠᠯ ᠶᠠᠭ ᠰᠠᠶᠢᠬᠠᠨ ᠵᠤᠯᠠᠢ ᠳᠤᠬᠤᠨ ᠳᠡᠭᠡᠷ᠎ᠡ ᠴᠠᠭᠠᠷᠢᠭᠯᠠᠵᠤ | ᠲᠣᠭᠲᠠᠳᠠᠭ ᠶᠤᠮ᠃ ᠲᠡᠭᠦᠨ ᠤ ᠡᠮᠦᠨ᠎ᠡ ᠲᠠᠯ᠎ᠠ ᠳᠤ ᠱᠢᠷᠦ᠂ ᠰᠤᠪᠤᠳ᠂ ᠣᠭ᠍ᠶᠤ᠂ ᠨᠣᠮᠢᠨ ᠢ ᠤᠷᠠᠯᠠᠨ ᠬᠡᠯᠬᠢᠵᠦ ᠤᠨᠵᠢᠭᠤᠯᠤᠨ ᠲᠠᠯᠪᠢᠳᠠᠭ ᠬᠤᠷᠢᠨ ᠨᠢᠭᠡᠨ | ᠵᠤᠷᠪᠤᠰ ᠮᠠᠩᠨᠠᠢ ᠶᠢᠨ ᠲᠣᠣᠷ ᠪᠠᠶᠢᠳᠠᠭ ᠶᠤᠮ᠃ ᠲᠡᠷᠡ ᠨᠢ ᠶᠠᠭ ᠬᠥᠮᠦᠨ ᠤ ᠭᠡᠷᠡᠯ ᠮᠠᠩᠨᠠᠢ ᠳᠡᠭᠡᠷ᠎ᠡ᠂ ᠬᠤᠶᠠᠷ ᠬᠥᠮᠥᠰᠬᠡᠨ ᠤ ᠳᠤᠮᠳᠠ ᠠᠴᠠ ᠬᠤᠶᠠᠷ ᠲᠡᠶᠢᠰᠢ | ᠬᠥᠮᠥᠰᠬᠡᠨ ᠳᠡᠭᠡᠭᠦᠷ ᠲᠡᠭᠰᠢ ᠬᠡᠮ ᠲᠠᠢ ᠤᠨᠵᠢᠢᠵᠤ ᠪᠠᠶᠢᠳᠠᠭ ᠶᠤᠮ᠃ ᠲᠠᠲᠠᠭᠤᠷ ᠤᠨ ᠬᠤᠶᠠᠷ ᠲᠠᠯ᠎ᠠ ᠳᠤ ᠴᠢᠮᠠᠷᠬᠠᠢ ᠶᠢᠨ ᠳᠡᠭᠡᠷ᠎ᠡ ᠨᠢᠵᠡᠭᠡᠳ ᠳᠥᠷᠪᠡᠯᠵᠢᠨ | ᠬᠡᠯᠪᠡᠷᠢ ᠲᠠᠢ ᠣᠭ᠍ᠶᠤ ᠱᠢᠷᠦᠨ ᠰᠣᠭᠰᠣᠷᠭᠠ ᠪᠠᠶᠢᠳᠠᠭ᠃ ᠲᠡᠭᠦᠨ ᠠᠴᠠ ᠲᠤᠰ ᠲᠤᠰ ᠡᠪᠴᠢᠭᠦᠦ ᠲᠤᠯᠤᠮ᠎ᠠ ᠤᠷᠲᠤ ᠱᠢᠷᠦ ᠰᠤᠪᠤᠳ ᠢ ᠪᠠᠬᠢᠯᠢᠭ᠌ ᠶᠣᠩᠬᠤᠷ | ᠤᠲᠠᠰᠤ ᠪᠠᠷ ᠠᠯᠠᠭᠯᠠᠭᠤᠯᠤᠨ ᠬᠡᠯᠬᠢᠭᠰᠡᠨ ᠲᠠᠪᠤᠨ ᠵᠤᠷᠪᠤᠰ ᠰᠠᠭᠠᠯᠳᠤᠷᠭ᠎ᠠ ᠪᠠᠶᠢᠳᠠᠭ᠃ ᠰᠠᠭᠠᠯᠳᠤᠷᠭ᠎ᠠ ᠶᠢᠨ ᠠᠷᠤ ᠳᠤ ᠮᠥᠨ ᠲᠠᠲᠠᠭᠤᠷ ᠠᠴᠠ ᠡᠯᠭᠦᠭᠰᠡᠨ ᠲᠣᠮᠣ | ᠵᠢᠵᠢᠭ ᠱᠢᠷ ᠪᠠ ᠮᠥᠩᠭᠦ ᠪᠠᠷ ᠦᠢᠯᠡᠳᠦᠭᠰᠡᠨ ᠬᠤᠶᠠᠷ ᠴᠢᠬᠢᠨ ᠤ ᠳᠡᠭᠡᠭᠦᠷ ᠡᠪᠴᠢᠭᠦᠦ ᠲᠤᠯᠲᠠᠯ᠎ᠠ ᠤᠨᠵᠢᠭᠤᠯᠤᠭᠰᠠᠨ ᠭᠤᠷᠪᠠᠨ ᠵᠤᠷᠪᠤᠰ ᠬᠡᠯᠬᠢᠶ᠎ᠡ ᠬᠤᠯᠪᠣᠭ᠎ᠠ ᠲᠠᠢ | ᠰᠦᠢᠬᠡ ᠪᠠᠶᠢᠳᠠᠭ᠃ ᠤᠷᠠᠳ ᠤᠨ ᠰᠦᠢᠬᠡ ᠪᠣᠯ ᠮᠥᠩᠭᠦᠨ ᠬᠠᠪᠲᠠᠰᠤ ᠲᠠᠢ ᠲᠣᠮᠣ ᠵᠢᠵᠢᠭ ᠱᠢᠷᠦ ᠮᠥᠩᠭᠦᠨ ᠬᠤᠯᠪᠣᠭ᠎ᠠ ᠪᠦᠬᠦᠢ ᠭᠤᠶᠣ ᠨᠠᠷᠢᠯᠢᠭ ᠬᠢᠴᠡᠲᠡᠢ ᠤᠷᠲᠤ | ᠲᠣᠮᠣ ᠰᠦᠢᠬᠡ ᠪᠠᠶᠢᠳᠠᠭ ᠶᠤᠮ᠃ ᠲᠠᠲᠠᠭᠤᠷ ᠤᠨ ᠠᠷᠤ ᠳᠤ ᠮᠥᠨ ᠲᠣᠮᠣ ᠲᠣᠮᠣ ᠱᠢᠷᠦ᠂ ᠨᠣᠮᠢᠨ᠂ ᠤᠨᠳᠤᠷᠭᠠᠨ ᠬᠡᠯᠬᠢᠵᠦ ᠵᠣᠬᠢᠶᠠᠭᠰᠠᠨ ᠰᠢᠯᠢᠪᠴᠢ ᠭᠡᠳᠡᠭ | ᠲᠣᠯᠣᠭᠠᠢ ᠶᠢᠨ ᠠᠷᠤ ᠶᠢᠨ ᠦᠰᠦᠨ ᠤ ᠴᠢᠮᠡᠭ ᠪᠠᠶᠢᠳᠠᠭ᠃ ᠲᠡᠷᠡ ᠨᠢ ᠪᠠᠰᠠ ᠮᠠᠰᠢ ᠭᠤᠶᠣ ᠨᠠᠷᠢᠯᠢᠭ ᠰᠠᠶᠢᠬᠠᠨ ᠬᠢᠴᠡᠲᠡᠢ ᠪᠠᠶᠢᠳᠠᠭ᠃ ᠡᠪᠴᠢᠭᠦᠦ ᠶᠢᠨ ᠲᠥᠪ ᠲᠤ | ᠬᠤᠶᠠᠷ ᠰᠦᠢᠬᠡ ᠶᠢ ᠬᠤᠯᠪᠣᠵᠤ ᠲᠣᠭᠲᠠᠭᠠᠳᠠᠭ ᠬᠤᠷᠢᠨ ᠤᠨᠵᠢᠭᠤᠷᠠᠭ᠎ᠠ ᠲᠠᠢ ᠮᠣᠯᠴᠤᠭ ᠬᠤᠯᠪᠣᠭ᠎ᠠ ᠪᠤᠶᠤ ᠬᠥᠰᠢᠭᠦᠷ ᠲᠠᠢ ᠬᠤᠯᠪᠣᠭ᠎ᠠ ᠭᠡᠵᠦ ᠪᠠᠶᠢᠳᠠᠭ᠃ ᠪᠠᠰᠠ | ᠭᠤᠴᠢᠨ ᠤᠨᠵᠢᠭᠤᠷᠠᠭ᠎ᠠ ᠭᠤᠤ ᠲᠠᠢ ᠬᠤᠯᠪᠣᠭ᠎ᠠ ᠭᠡᠵᠦ ᠪᠠᠶᠢᠭᠰᠠᠨ ᠶᠤᠮ᠃ ᠡᠳᠡᠭᠡᠷ ᠠᠴᠠ ᠭᠠᠳᠠᠨ᠎ᠠ ᠪᠠᠰᠠ ᠣᠷᠬᠢᠭᠤᠯ᠂ ᠰᠢᠷᠪᠢᠭᠦᠯ ᠭᠡᠵᠦ ᠪᠠᠶᠢᠳᠠᠭ᠃ ᠤᠷᠠᠳ | ᠲᠣᠯᠣᠭᠠᠢ ᠶᠢᠨ ᠵᠠᠰᠠᠯ ᠵᠢᠮᠰᠡᠭ ᠲᠤ ᠮᠥᠩᠭᠦ᠂ ᠱᠢᠷᠦ᠂ ᠣᠭ᠍ᠶᠤ ᠪᠠᠷ ᠭᠤᠣᠯᠯᠠᠵᠤ ᠪᠠᠰᠠ ᠠᠯᠲᠠᠨ ᠪᠤᠯᠬᠠᠭᠠᠰᠤ ᠲᠠᠢ᠂ ᠠᠯᠲᠠᠨ ᠴᠠᠭᠠᠨ ᠢ ᠣᠷᠣᠯᠠᠭᠤᠯᠤᠭᠰᠠᠨ ᠴᠤ | ᠪᠠᠶᠢᠭᠰᠠᠨ ᠶᠤᠮ᠃ ᠤᠷᠠᠳᠴᠤᠳ ᠥᠩᠭᠡᠷᠡᠭᠰᠡᠨ ᠳᠤ ᠨᠡᠶᠢᠳᠡᠮ ᠲᠣᠯᠣᠭᠠᠢ ᠶᠢᠨ ᠵᠠᠰᠠᠯ ᠵᠢᠮᠰᠡᠭ ᠢ ᠴᠢᠬᠤᠯᠠᠴᠢᠯᠠᠨ ᠨᠠᠨᠳᠢᠩᠨᠠᠨ ᠡᠳ᠋ᠯᠡᠵᠦ᠂ ᠵᠥᠪᠬᠡᠨ ᠪᠠᠶᠠᠨ | ᠶᠠᠳᠠᠭᠤ ᠶᠢᠨ ᠬᠠᠷᠠᠭ᠎ᠠ ᠪᠠᠷ ᠦᠨ᠎ᠡ ᠴᠠᠨ᠎ᠠ ᠶᠢᠨ ᠢᠯᠭᠠᠯ ᠲᠠᠢ ᠪᠠᠶᠢᠭᠰᠠᠨ ᠠᠴᠠ ᠪᠢᠰᠢ᠂ ᠲᠣᠯᠣᠭᠠᠢ ᠶᠢᠨ ᠵᠠᠰᠠᠯ ᠵᠢᠮᠰᠡᠭ ᠦᠭᠡᠢ ᠪᠦᠰᠡᠭᠦᠢ ᠬᠥᠮᠦᠨ ᠭᠡᠵᠦ ᠪᠠᠶᠢᠭᠰᠠᠨ | ᠦᠭᠡᠢ ᠶᠤᠮ᠃ ᠲᠣᠯᠣᠭᠠᠢ ᠶᠢᠨ ᠵᠠᠰᠠᠯ ᠵᠢᠮᠰᠡᠭ ᠵᠡᠭᠦᠭᠰᠡᠨ ᠦᠭᠡᠢ ᠪᠦᠰᠡᠭᠦᠢ ᠬᠥᠮᠦᠨ ᠢ ᠬᠠᠷ᠎ᠠ ᠲᠣᠯᠣᠭᠠᠢ ᠲᠠᠢ ᠮᠠᠭᠤ ᠢᠷᠸ᠎ᠠ ᠲᠠᠢ ᠭᠡᠵᠦ ᠶᠡᠭᠡ ᠪᠠᠷ ᠵᠢᠭᠰᠢᠨ | ᠰᠡᠵᠢᠭᠯᠡᠳᠡᠭ ᠪᠠᠶᠢᠵᠤ ᠪᠢᠯᠡ᠃ | |