| | ᠨᠤᠲᠤᠭ ᠢᠶᠠᠨ ᠰᠠᠨᠠᠨ ᠡᠷᠭᠢᠨ ᠬᠤᠷᠭᠤᠳᠠᠬᠤ ᠬᠥᠮᠥᠨ ᠤ ᠰᠡᠳᠬᠢᠯ ᠢ ᠶᠠᠭᠤ ᠭᠡᠯᠲᠡᠢ᠃ ᠰᠢᠲᠦᠵᠦ ᠰᠦᠵᠢᠭᠯᠡᠭᠰᠡᠨ ᠣᠪᠣᠭ᠎ᠠ ᠬᠠᠶᠢᠷᠬᠠᠳ᠂ ᠥᠰᠴᠦ | ᠲᠣᠷᠨᠢᠬᠤ ᠳᠤ ᠥᠯᠥᠭᠡᠶᠢᠳᠡᠵᠦ ᠪᠦᠪᠠᠶᠢᠯᠡᠭᠰᠡᠨ ᠮᠠᠩᠬ᠎ᠠ ᠲᠣᠯᠣᠭᠠᠳ ᠮᠢᠨᠢ ᠰᠡᠳᠬᠢᠯ ᠳᠤ ᠬᠠᠳᠠᠭᠠᠯᠠᠭᠤᠰᠢᠲᠠᠢ᠃ ᠠᠯᠢ ᠡᠰᠡᠬᠦᠯ᠎ᠡ ᠪᠠᠭ᠎ᠠ ᠶᠢᠨ ᠭᠡᠨᠡᠨ ᠲᠤᠮᠤᠭ ᠲᠤ | ᠬᠡᠳᠦ᠋ᠢᠨ ᠪᠦᠳᠡᠭᠢᠷᠡᠵᠦ ᠣᠲᠣᠭᠰᠠᠨ ᠤᠨᠠᠭᠠᠨ ᠳᠤᠷᠠᠰᠤᠯ ᠥᠷᠥᠴᠡ ᠲᠡᠯᠡᠰᠦᠩᠭᠡᠨ ᠲᠤᠰᠬᠤ ᠨᠢ ᠶᠠᠮᠠᠷᠬᠠᠨ ᠰᠠᠶᠢᠬᠠᠨ ᠪᠢᠯᠡ᠃ | ᠠᠷᠭᠠᠯ ᠭᠡᠵᠦ ᠳᠤᠷᠠᠳᠬᠤ ᠳᠤ ᠬᠤᠳᠠ ᠶᠢᠨ ᠲᠠᠩᠰᠤᠭ ᠠᠮᠢᠳᠤᠷᠠᠯ ᠳᠤ ᠬᠥᠯ ᠤᠨ ᠲᠣᠭᠤᠰᠣ ᠬᠥᠳᠡᠯᠭᠡᠨ ᠨᠡᠭᠦᠷᠡᠰᠦ ᠴᠠᠭᠢᠯᠭᠠᠨ ᠢᠶᠠᠷ ᠳᠤᠯᠠᠭᠠᠴᠠᠨ ᠬᠤᠭᠤᠯᠠ | ᠤᠮᠳᠠ ᠪᠠᠨ ᠲᠥᠬᠦᠭᠡᠷᠴᠦ ᠶᠠᠪᠤᠭᠰᠠᠨ ᠬᠥᠮᠥᠰ ᠦᠯᠦ ᠣᠶᠢᠯᠠᠭᠠᠨ᠎ᠠ᠃ ᠭᠡᠬᠦ ᠳᠤ ᠬᠥᠳᠡᠭᠡ ᠨᠤᠲᠤᠭ ᠠᠴᠠ ᠤᠬᠠᠭ᠎ᠠ ᠰᠦᠯᠡᠵᠦ ᠦᠢᠯᠡᠰ ᠤᠨ ᠬᠠᠷᠭᠤᠢ | ᠬᠠᠶᠢᠭᠰᠠᠳ ᠲᠤ ᠠᠷᠭᠠᠯ ᠬᠤᠷᠭᠤᠯ ᠨᠢ ᠬᠠᠷᠢᠨ ᠬᠠᠷᠠᠴᠠᠨ ᠤ ᠬᠢᠨᠢ ᠴᠢᠮᠡᠭ ᠪᠣᠯᠵᠤ ᠤᠶᠤᠨ ᠰᠡᠳᠬᠢᠯ ᠤᠨ ᠬᠢᠨᠢ ᠤᠶᠠᠩᠭ᠎ᠠ ᠶᠢᠨ ᠬᠥᠪᠴᠢ ᠶᠢ ᠴᠢᠪᠬᠠᠳᠠᠨ᠂ | ᠰᠠᠨᠠᠯ ᠤᠨ ᠦᠵᠦᠭᠦᠷ ᠰᠡᠷᠪᠡᠯᠵᠡᠳᠡᠭ᠃ ᠬᠥᠳᠡᠭᠡ ᠶᠢᠨ ᠬᠥᠮᠥᠰ ᠠᠯᠵᠠᠭᠤ ᠵᠠᠯᠬᠠᠭᠤ ᠨᠢᠭᠡ ᠶᠢ ᠪᠠᠨ ︽ᠠᠷᠭᠠᠯ ᠲᠦᠯᠡᠭᠡᠨ ᠳᠡᠭᠡᠨ ᠵᠥᠪ ᠦᠭᠡᠢ︾ ᠭᠡᠵᠦ | ᠲᠣᠬᠤᠭᠤᠷᠬᠠᠳᠠᠭ ᠪᠣᠯ ᠬᠠᠷᠢᠨ ᠡᠭᠦᠳᠡᠨ ᠳᠤᠨᠢ ᠣᠪᠤᠭᠠᠯᠠᠭᠠᠰᠤᠲᠠᠢ ᠠᠷᠭᠠᠯ ᠤᠨ ᠣᠪᠣᠭ᠎ᠠ ᠶᠢᠨ ᠭᠡᠯᠪᠡᠷᠢ ᠪᠠᠶᠢᠳᠠᠯ ᠢᠶᠠᠷ ᠠᠵᠢᠯᠴᠢ ᠠᠶᠢᠯ ᠢ ᠮᠠᠭᠲᠠᠳᠠᠭ᠃ ᠤᠬᠠᠭ᠎ᠠ | ᠣᠷᠣᠬᠤ ᠳᠤ ᠯᠡ ᠡᠵᠢ ᠮᠢᠨᠢ ᠥᠷᠯᠥᠭᠡ ᠪᠦᠷᠢ ᠮᠠᠯ ᠤᠨ ᠪᠠᠭᠠᠰᠤ ᠪᠠᠨ ᠨᠢᠭᠡ ᠨᠢᠭᠡ ᠰᠠᠪᠠᠷ ᠢᠶᠠᠷ ᠵᠥᠭᠡᠭᠡᠨ ᠭᠠᠷᠭᠠᠵᠤ ᠨᠢᠮᠪᠠᠢ ᠰᠠᠶᠢᠬᠠᠨ ᠬᠡᠰᠡᠭᠯᠡᠨ ᠳᠡᠯᠭᠡᠵᠦ᠂ | ᠬᠠᠲᠠᠭᠰᠠᠨ ᠢ ᠨᠢ ᠨᠢᠭᠡ ᠲᠡᠶᠢᠰᠢ ᠳᠠᠯᠠᠩᠨᠠᠭᠤᠯᠤᠨ ᠣᠪᠣᠭᠠᠯᠠᠳᠠᠭ ᠪᠠᠶᠢᠭᠰᠠᠨ᠃ ᠪᠢ ᠡᠵᠢ ᠳᠡᠭᠡᠨ ᠲᠤᠰᠠ ᠪᠤᠯᠬᠤ ᠭᠡᠵᠦ ᠳᠡᠯᠳᠡᠭᠡᠨᠡᠵᠦ ᠡᠮᠦᠨ᠎ᠡ ᠬᠤᠶᠢᠨ᠎ᠠ ᠨᠢ | ᠭᠦᠶᠦᠵᠦ ᠪᠠᠶᠢᠭᠠᠳ ᠨᠦᠢᠲᠠᠨ ᠪᠠᠭᠠᠰᠤᠨ ᠳᠡᠭᠡᠷ᠎ᠡ ᠪᠢᠯᠳᠠ ᠳᠠᠷᠤᠨ ᠤᠨᠠᠵᠤ ᠬᠤᠪᠴᠠᠰᠤ ᠬᠤᠨᠠᠷ ᠢᠶᠠᠨ ᠪᠣᠬᠢᠷᠲᠤᠭᠤᠯᠬᠤ ᠳᠤ ᠡᠵᠢ ᠮᠢᠨᠢ ᠬᠠᠷᠢᠨ ︽ᠬᠠᠶᠢᠷᠠᠨ | ᠠᠷᠭᠠᠯ ᠢ ᠬᠡᠮᠬᠡᠯᠴᠢᠬᠡᠯᠡ︕︾ ᠭᠡᠵᠦ ᠤᠴᠠᠭᠠᠷᠯᠠᠬᠤ ᠳᠤᠨᠢ ᠪᠢ ᠠᠷᠭᠠᠯ ᠢ ᠦᠷ᠎ᠡ ᠠᠴᠠ ᠪᠠᠨ ᠢᠯᠡᠭᠦᠦ ᠬᠠᠶᠢᠷᠠᠯᠠᠳᠠᠭ ᠡᠵᠢ ᠳᠡᠭᠡᠨ ᠭᠤᠮᠣᠳᠠᠨ ᠤᠰᠤᠨ | ᠨᠢᠳᠦᠯᠡᠬᠦ ᠳᠤ ᠡᠵᠢ ᠮᠢᠨᠢ ᠥᠬᠦᠭᠡᠷᠳᠡᠨ ᠦᠨᠦᠰᠴᠦ ᠰᠠᠶᠢᠬᠠᠨ ᠦᠯᠢᠭᠡᠷ ᠶᠠᠷᠢᠵᠤ ᠦᠭᠳᠡᠭ ᠪᠠᠶᠢᠭᠰᠠᠨ᠃ | 1981 ᠣᠨ ᠤ ᠴᠠᠭᠠᠨ ᠰᠠᠷ᠎ᠠ ᠶᠢᠨ ᠬᠤᠷᠢᠳ ᠢᠶᠠᠷ ᠶᠡᠭᠡ ᠴᠠᠰᠤ ᠰᠢᠭᠤᠷᠤᠭᠰᠠᠨ ᠶᠤᠮ᠃ ᠲᠠᠭᠢᠶ᠎ᠠ ᠵᠢᠯ ᠤᠨ ᠵᠤᠳ ᠭᠡᠳᠡᠭ ᠨᠢ ᠲᠡᠷᠡ᠃ ᠮᠠᠭᠤ ᠡᠷ᠎ᠡ ᠶᠢᠨ | ᠮᠠᠯᠠᠭᠠᠢ ᠶᠢᠨ ᠴᠢᠨᠡᠭᠡ ᠴᠠᠰᠤ ᠬᠤᠶᠠᠷ ᠡᠳᠦᠷ ᠨᠢᠭᠡ ᠰᠥᠨᠢ ᠯᠠᠪᠰᠠᠯᠠᠭᠠᠳ ᠭᠠᠳᠠᠭᠰᠢ ᠪᠠᠨ ᠨᠡᠭᠡᠭᠡᠯᠭᠡ ᠲᠠᠢ ᠡᠭᠦᠳᠡ ᠨᠡᠭᠡᠭᠡᠭᠳᠡᠬᠦ ᠪᠠᠨ ᠪᠣᠯᠢᠵᠤ᠂ ᠬᠥᠮᠥᠰ | ᠴᠣᠩᠬᠤ ᠪᠠᠨ ᠨᠡᠭᠡᠭᠡᠨ ᠰᠢᠨᠡᠬᠡᠨ ᠴᠠᠭᠠᠨ ᠴᠠᠰᠤ ᠶᠢ ᠳᠡᠪᠢᠭᠦᠷ ᠢᠶᠠᠷ ᠬᠤᠳᠬᠤᠨ ᠠᠪᠴᠤ ᠴᠠᠢ ᠪᠠᠨ ᠴᠢᠨᠠᠵᠤ ᠪᠠᠶᠢᠵᠠᠢ᠃ ︽ᠦᠢᠯᠡ ᠲᠠᠢ ᠬᠥᠮᠥᠨ ᠤ ᠦᠷ᠎ᠡ︾ | ᠭᠡᠵᠦ ᠶᠠᠭ ᠴᠢᠮ᠎ᠠ ᠶᠢ ᠬᠡᠯᠡᠨ᠎ᠡ᠃ ᠲᠡᠶᠢᠮᠦ ᠶᠡᠭᠡ ᠵᠤᠳ ᠤᠨ ᠬᠤᠷᠸ᠎ᠠ ᠳᠤ ᠵᠠᠶᠠᠭᠠᠴᠢᠬᠠᠨᠠ ᠭᠡᠳᠡᠭ ᠴᠢᠨᠢ᠃ ᠭᠡᠷ ᠲᠤ ᠣᠷᠣᠭᠤᠯᠤᠭᠰᠠᠨ ᠬᠡᠳᠦᠨ ᠰᠠᠭᠰᠤ ᠠᠷᠭᠠᠯ | ᠳᠠᠭᠤᠰᠴᠢᠬᠠᠭᠠᠳ ᠴᠢᠯᠳᠡᠩ ᠬᠦᠢᠲᠡᠨ ᠭᠡᠷ ᠲᠤ ᠨᠢᠭᠡ ᠬᠠᠨᠵᠤᠨ ᠳᠤ ᠠᠪᠠᠭ᠎ᠠ ᠨᠠᠷ ᠴᠢᠨᠢ ᠪᠥᠭᠡᠮᠨᠡᠷᠡᠨ ᠨᠦᠭᠦᠭᠡ ᠬᠠᠨᠵᠤᠨ ᠳᠤ ᠪᠢ ᠳᠠᠪᠬᠤᠷ ᠳᠠᠪᠬᠤᠷ | ᠭᠦᠨᠵᠢᠯᠡ ᠪᠠᠷ ᠣᠷᠢᠶᠠᠭᠠᠳ ᠬᠡᠪᠲᠡᠵᠦ ᠪᠠᠶᠢᠯ᠎ᠠ᠃ | ᠶᠠᠭ ᠲᠡᠷᠡ ᠦᠶᠡᠰ ᠴᠢᠨᠦᠬᠢ ᠪᠠᠨ ᠬᠥᠮᠥᠨ ᠪᠣᠯᠵᠤ ᠲᠤᠩᠬᠠᠭᠯᠠᠭᠰᠠᠨ ᠠᠩᠬᠠᠨ ᠤ ᠲᠠᠭᠤ ᠶᠢ ᠰᠣᠨᠣᠰᠴᠤ ︽ᠦᠷ᠎ᠡ ᠲᠠᠢ ᠬᠥᠮᠥᠨ ᠤ ᠡᠯᠢᠭᠡ ᠥᠨᠳᠡᠯᠵᠡᠬᠦ︾ | ᠶᠣᠰᠣ ᠪᠠᠷ ᠮᠠᠨ ᠤ ᠭᠡᠷ ᠲᠤ ᠪᠥᠭᠡᠮ ᠪᠠᠶᠠᠷ ᠪᠣᠯᠤᠭᠰᠠᠨ᠃ ᠠᠪᠤ ᠴᠢᠨᠢ ᠤᠨᠠᠨ ᠲᠤᠰᠤᠨ ᠠᠷᠭᠠᠯ ᠤᠨ ᠣᠪᠣᠭ᠎ᠠ ᠵᠦᠭ ᠱᠤᠩᠭᠤᠯᠠᠪᠠ᠃ ᠠᠱᠢᠭᠦᠢ ᠮᠠᠨ ᠤ ᠭᠡᠷ ᠤᠨ | ᠠᠷᠭᠠᠯ ᠤᠨ ᠣᠪᠣᠭ᠎ᠠ ᠥᠨᠳᠥᠷ ᠪᠠᠶᠢᠳᠠᠭ ᠢᠶᠠᠷ ᠴᠠᠰᠤᠨ ᠳᠤ ᠪᠤᠯᠠᠬᠳᠠᠭᠠ ᠦᠭᠡᠢ ᠣᠷᠣᠢ ᠨᠢ ᠬᠠᠷᠠᠯᠠᠨ ᠬᠠᠷᠠᠭᠳᠠᠵᠤ ᠪᠠᠶᠢᠵᠠᠢ᠃ ᠲᠡᠭᠡᠭᠡᠳ ᠯᠡ ᠴᠢᠮ᠎ᠠ ᠪᠠᠨ | ᠪᠦᠯᠢᠶᠡᠰᠬᠡᠨ ᠠᠪᠤᠭᠰᠠᠨ ᠪᠠᠶᠢᠬᠤ ᠦᠭᠡᠢ ᠤᠤ ᠁ ᠡᠵᠢ ᠮᠢᠨᠢ ᠠᠳᠡ ᠭᠦᠷᠳᠡᠯ᠎ᠡ ᠶᠠᠷᠢᠭᠠᠳ ᠠᠷᠭᠠᠯ ᠤᠨ ᠣᠪᠣᠭ᠎ᠠ ᠪᠠᠨ ᠰᠡᠮᠡᠭᠡᠷ ᠬᠠᠷᠠᠵᠤ ᠵᠤᠤᠮᠠᠯᠵᠠᠨ ᠢᠨᠢᠶᠡᠪᠡ | ᠃ ᠬᠥᠳᠡᠭᠡ ᠶᠢᠨ ᠬᠡᠦᠬᠡᠳ ᠤᠨ ᠬᠠᠮᠤᠭ ᠲᠦᠷᠦᠭᠦᠨ ᠳᠤ ᠬᠢᠵᠦ ᠰᠤᠷᠳᠠᠭ ᠨᠢ ᠡᠵᠢ ᠪᠠᠨ ᠬᠠᠪᠰᠤᠷᠴᠤ ᠬᠠᠭᠠᠰ ᠰᠠᠭᠰᠤ ᠠᠷᠭᠠᠯ ᠢᠶᠠᠨ ᠭᠤᠭᠤᠵᠢᠭᠤᠯᠤᠨ | ᠴᠤᠪᠤᠭᠤᠯᠤᠨ ᠲᠣᠭᠤᠭᠠᠨ ᠭᠡᠷ ᠲᠤ ᠣᠶᠢᠷᠠᠲᠤᠭᠤᠯᠬᠤ ᠠᠵᠢᠯ ᠪᠣᠯᠣᠨ᠎ᠠ᠃ ᠲᠡᠷᠡ ᠦᠶ᠎ᠡ ᠳᠤ ︽ᠮᠢᠨᠤ ᠬᠡᠦᠬᠡᠨ ᠠᠷᠭᠠᠯ ᠠᠪᠴᠢᠷᠠᠬᠤ ᠲᠡᠩᠬᠡᠭᠡ ᠲᠠᠢ ᠪᠣᠯᠣᠯ᠎ᠠ︕︾ | ᠭᠡᠳᠡᠭ ᠦᠭᠡ ᠰᠢᠬᠢᠷ ᠪᠤᠷᠠᠮ ᠠᠴᠠ ᠠᠮᠲᠠᠲᠠᠢ ᠰᠠᠨᠠᠭᠳᠠᠳᠠᠭ ᠪᠠᠶᠢᠭᠰᠠᠨ᠃ ᠡᠪᠦᠯ ᠤᠨ ᠠᠮᠠᠷᠠᠯᠲᠠ ᠲᠠᠯᠪᠢᠭᠰᠠᠭᠠᠷ ᠡᠷᠲᠡᠯᠡᠨ ᠪᠣᠰᠴᠤ ᠬᠤᠪᠴᠠᠰᠤ ᠮᠠᠯᠠᠭᠠᠢ ᠪᠠᠨ | ᠵᠤᠵᠠᠭᠠᠯᠠᠨ᠂ ᠵᠢᠵᠢᠭ ᠠᠷᠤᠭ ᠢᠶᠠᠨ ᠡᠭᠦᠷᠴᠦ ᠵᠡᠭᠦᠨ ᠪᠠᠷᠠᠭᠤᠨ ᠠᠶᠢᠯ ᠤᠨ ᠬᠡᠦᠬᠡᠳ ᠲᠠᠢ ᠤᠷᠤᠯᠳᠤᠨ ᠬᠥᠯᠳᠡᠭᠦᠰᠦ ᠲᠡᠭᠦᠳᠡᠭ ᠠᠯᠳᠠᠷᠠᠢ ᠪᠠᠭ᠎ᠠ ᠨᠠᠰᠤ ᠮᠢᠨᠢ | ᠶᠠᠭᠠᠬᠢᠭᠰᠠᠨ ᠰᠡᠷᠮᠡᠭᠦᠬᠡᠨ ᠪᠠᠶᠢᠯ᠎ᠠ⁈ ᠪᠢ ᠥᠭᠡᠳᠡ ᠲᠠᠪᠢᠯᠠᠩ ᠢᠶᠠᠷ ᠬᠠᠭᠤᠴᠢ ᠲᠡᠦᠬᠡ ᠶᠡᠬᠡᠲᠡᠢ ᠬᠤᠷᠴᠢᠨ ᠨᠤᠲᠤᠭ ᠲᠤ ᠵᠠᠶᠠᠭᠠᠭᠰᠠᠨ ᠬᠥᠮᠥᠨ᠃ ᠡᠪᠦᠯ ᠤᠨ | ᠤᠷᠳᠤ ᠰᠥᠨᠢ ᠠᠷᠭᠠᠯ ᠢᠶᠠᠨ ᠵᠤᠤᠬ᠎ᠠ ᠳᠦᠭᠦᠷᠲᠡᠯ᠎ᠡ ᠨᠡᠮᠡᠨ᠂ ᠦᠳᠡᠯᠦᠭᠡ ᠵᠠᠯᠠᠭᠤ ᠪᠦᠭᠦᠳᠡᠭᠡᠷ ᠬᠠᠨᠵᠤ ᠳᠦᠭᠦᠷᠡᠩ ᠰᠠᠭᠤᠵᠤ᠂ ᠬᠠᠷ᠎ᠠ ᠴᠠᠢ ᠪᠠᠨ ᠣᠭᠤᠴᠢᠯᠠᠨ᠂ | ᠬᠤᠭᠤᠷ ᠤᠨ ᠦᠯᠢᠭᠡᠷ ᠰᠤᠨᠤᠰᠬᠤ ᠪᠤᠶᠤ ᠦᠯᠢᠭᠡᠷᠲᠦ ᠳᠠᠭᠤᠤ ᠠᠴᠠ ᠬᠡᠳᠦᠨ ᠪᠠᠳᠠᠭ ᠶᠠᠪᠤᠭᠤᠯᠬᠤ ᠳᠤ ᠠᠷᠭᠠᠯ ᠤᠨ ᠳᠤᠯᠠᠭᠠᠨ ᠢᠯᠴᠢᠨ ᠠᠴᠠ ᠠᠶᠢᠷᠠᠭ ᠤᠨ ᠬᠦᠴᠦ | ᠂ ᠠᠮᠢᠳᠤᠷᠠᠯ ᠤᠨ ᠢᠯᠴᠢ ᠠᠮᠲᠠᠭᠳᠠᠨ ᠤᠯᠠᠨ ᠵᠠᠭᠤᠨ ᠵᠢᠯ ᠤᠨ ᠲᠤᠷᠰᠢ ᠣᠷᠴᠢᠭᠰᠠᠭᠠᠷ ᠢᠷᠡᠭᠰᠡᠨ ᠨᠡᠭᠦᠳᠡᠯᠴᠢᠨ ᠮᠣᠩᠭᠤᠯᠴᠤᠳ ᠤᠨ ᠮᠢᠨᠢ ᠤᠯᠠ ᠮᠥᠷ | ᠶᠠᠭᠠᠬᠢᠬᠤ ᠶᠢᠨ ᠠᠷᠭ᠎ᠠ ᠦᠭᠡᠢ ᠲᠣᠳᠣᠷᠠᠨ᠎ᠠ᠃ ᠠᠷᠭᠠᠯ ᠤᠨ ᠭᠠᠯ ᠪᠠᠶᠢᠭᠰᠠᠨ ᠠᠴᠠ ᠬᠥᠳᠡᠭᠡ ᠨᠤᠲᠤᠭ ᠤᠨ ᠠᠮᠢᠳᠤᠷᠠᠯ ᠬᠠᠯᠠᠭᠤᠨ ᠳᠤᠯᠠᠭᠠᠨ᠂ ᠠᠷᠭᠠᠯ ᠤᠨ ᠭᠠᠯ | ᠳᠦᠷᠡᠯᠵᠡᠨ ᠨᠣᠴᠣᠵᠤ ᠪᠠᠶᠢᠳᠠᠭ ᠠᠴᠠ ᠮᠣᠩᠭᠤᠯᠴᠤᠳ ᠤᠨ ᠮᠢᠨᠢ ᠲᠤᠯᠭ᠎ᠠ ᠶᠢᠨ ᠭᠠᠯ ᠮᠥᠩᠬᠡ ᠴᠤᠭ ᠲᠠᠢ ᠬᠡᠪ ᠢᠶᠠᠷ ᠢᠶᠠᠨ᠃ ᠠᠪᠤ ᠮᠢᠨᠢ ᠥᠷᠯᠥᠭᠡ ᠠᠴᠠ ᠦᠳᠡᠰᠢ᠂ | ᠦᠳᠡᠰᠢ ᠠᠴᠠ ᠥᠷᠯᠥᠭᠡ ︽ᠥᠷᠥ ᠶᠤ᠋ ᠵᠢᠷᠦᠬᠡ ᠮᠢᠨᠢ︾ ᠭᠡᠵᠦ ᠮᠥᠰᠥ ᠤᠬᠠᠭᠠᠨ ᠢᠶᠠᠨ ᠰᠢᠪᠬᠠᠨ ᠬᠤᠷᠸ᠎ᠠ ᠶᠢᠨ ᠲᠡᠩᠭᠡᠯᠢᠭ ᠲᠡᠩᠴᠡᠭᠦᠷᠢᠰᠢᠭᠦᠯᠦᠨ᠎ᠡ᠃ | ᠬᠤᠨᠤᠭ ᠤᠨ ᠰᠢᠪᠠᠭᠤᠳ ᠤᠨ ᠵᠢᠷᠭᠢᠭᠡ ᠲᠠᠭᠠᠨ ᠪᠤᠭᠤᠷᠤᠯᠲᠤᠬᠤ ᠠᠪᠤ ᠪᠠᠨ ᠬᠠᠷᠠᠭᠠᠳ ᠤᠶᠠᠷᠠᠬᠤ ᠳᠤ ᠠᠷᠭᠠᠯ ᠤᠨ ᠴᠡᠩᠬᠡᠷ ᠤᠳᠤᠭ᠎ᠠ ᠥᠯᠵᠡᠢ ᠵᠠᠩᠭᠢᠶ᠎ᠠ ᠵᠠᠩᠭᠢᠳᠤᠨ | ᠠᠯᠤᠰ ᠤᠨ ᠣᠭᠲᠠᠷᠭᠤᠢ ᠳᠤ ᠰᠤᠨᠤᠯᠵᠠᠵᠤ᠂ ᠤᠷᠳᠤ ᠶᠢᠨ ᠤᠷᠳᠦ ᠠᠮᠢᠳᠤᠷᠠᠯ ᠲᠡᠦᠬᠡ ᠲᠡᠨᠳᠡ ᠠᠴᠠ ᠴᠡᠩᠬᠡᠷᠯᠡᠨ ᠬᠠᠷᠠᠭᠳᠠᠨ᠎ᠠ᠃ | |