| ᠬᠤᠷᠣᠮᠬᠠᠨ ᠵᠠᠢ | ᠨᠠᠷᠠ ᠤᠷᠳᠤ ᠭᠠᠷ ᠢᠶᠠᠨ ᠰᠤᠩᠭᠠᠭᠰᠠᠭᠠᠷ ᠰᠢᠩᠭᠡᠯ᠎ᠡ᠃ ᠶᠠᠭ ᠯᠠ ᠡᠬᠡ ᠪᠠᠶᠢᠭᠠᠯᠢ ᠶᠢᠨ ᠠᠯᠢᠪᠠ ᠠᠴᠠ ᠰᠠᠯᠵᠤ ᠶᠠᠳᠠᠨ ᠣᠢ ᠲᠠᠶᠢᠭ᠎ᠠ᠂ ᠠᠷᠢᠶᠠᠲᠠᠨ ᠭᠥᠷᠥᠭᠡᠰᠦ | ᠪᠦᠭᠦᠳᠡ ᠶᠢ ᠬᠠᠮᠤᠷᠤᠨ ᠠᠪᠤᠭᠠᠳ ᠡᠪᠦᠷ ᠲᠡᠭᠡᠨ ᠴᠢᠬᠢᠴᠢᠬᠡᠭᠡᠳ ᠴᠠᠭᠠᠲᠤ ᠤᠳᠤᠨ ᠮᠡᠴᠢᠳ ᠭᠢᠯᠠᠯᠵᠠᠭᠰᠠᠨ ᠤᠷᠳᠤ ᠳᠠᠭᠠᠨ ᠢᠴᠡᠭᠡᠯᠡᠬᠦ ᠪᠠᠷ ᠶᠠᠪᠤᠬᠤ ᠭᠡᠵᠦ ᠪᠠᠶᠢᠭ᠎ᠠ | ᠰᠢᠭ᠋᠃ ᠲᠡᠭᠦᠨ ᠤ ᠬᠤᠶᠢᠨ᠎ᠠ ᠠᠴᠠ ᠬᠠᠷᠠᠩᠭᠤᠢ ᠢᠷᠡᠨ᠎ᠡ᠃ ᠬᠠᠷᠠᠩᠭᠤᠢ ᠪᠤᠯᠬᠤ ᠳᠤ ᠠᠯᠢᠪᠠ ᠪᠦᠭᠦᠨ ᠴᠢᠳᠬᠦᠷ ᠱᠦᠭᠯᠡᠭᠰᠡᠨ ᠪᠤᠶᠤ ᠴᠢᠳᠬᠦᠷ ᠲᠤ ᠳᠠᠷᠤᠭᠳᠠᠭᠰᠠᠨ | ᠭᠡᠮᠡᠷ ᠨᠠᠮ ᠵᠢᠮ᠃ ᠬᠠᠶᠠ ᠭᠠᠳᠠᠨ᠎ᠠ ᠱᠤᠤᠭᠢᠬᠤ ᠮᠣᠳᠣᠨ ᠨᠠᠪᠴᠢᠰ ᠤᠨ ᠳᠠᠭᠤᠨ ᠨᠢ ᠱᠤᠵᠤᠩ ᠬᠠᠷ᠎ᠠ ᠮᠠᠯᠠᠭ᠎ᠠ ᠲᠠᠢ ᠤᠮᠠᠭᠠᠷ ᠠᠮᠠ ᠲᠠᠢ ᠬᠠᠷ᠎ᠠ ᠡᠮᠡᠭᠡᠨ | ᠰᠢᠷᠪᠢᠭᠦᠯ ᠢᠶᠠᠨ ᠤᠨᠤᠴᠢᠬᠠᠭᠠᠳ᠂ ᠠᠨᠢᠭᠠᠷ ᠨᠢᠳᠦ ᠪᠠᠨ ᠰᠡᠶᠢᠮᠡᠶᠢᠯᠭᠡᠨ᠂ ᠠᠷᠵᠠᠭᠠᠷ ᠰᠢᠳᠣ ᠪᠠᠨ ᠢᠷᠵᠠᠶᠢᠯᠭᠠᠨ ᠭᠡᠷ ᠤᠨ ᠡᠭᠦᠳᠡ ᠪᠠᠷ ᠱᠤᠤᠭᠢᠨ ᠭᠠᠷᠤᠭᠰᠠᠨ ᠭᠡᠮᠡᠷ᠃ | ᠲᠡᠭᠡᠭᠦ ᠳᠤ ᠡᠯᠳᠡᠪ ᠡᠰᠡᠨ ᠶᠠᠭᠤᠮ᠎ᠠ ᠪᠤᠳᠣᠬᠳᠠᠨᠠ᠃ ᠪᠠᠭ᠎ᠠ ᠨᠠᠰᠤ ᠪᠠᠨ ᠪᠤᠳᠣᠬᠤ ᠳᠤ ᠪᠠᠷᠢᠨ ᠳᠣᠣᠷ᠎ᠠ ᠪᠠᠨ ᠦᠰᠦᠷᠦᠭᠡᠳ ᠲᠣᠭᠯᠠᠴᠢᠬᠠᠮᠠᠷ ᠴᠦ ᠰᠢᠭ᠋᠃ | ᠠᠬᠢᠭᠠᠳ ᠢᠷᠡᠬᠦ ᠦᠭᠡᠢ ᠶᠢ ᠨᠢ ᠪᠤᠳᠣᠬᠤ ᠳᠤ ᠠᠪᠤᠨ ᠳᠣᠣᠷ᠎ᠠ ᠪᠠᠨ ᠤᠭᠢᠯᠠᠭᠠᠳ ᠡᠭᠡᠷᠡᠴᠢᠬᠡᠮᠡᠷ ᠴᠦ ᠰᠢᠭ᠃ ᠠᠢ᠂ ᠶᠠᠭᠤ ᠭᠡᠵᠦ ᠬᠡᠯᠡᠬᠦᠪ ᠳ᠋ᠠ᠃ | ᠵᠢᠷᠭᠠᠯ ᠲᠠᠢ ᠴᠤ ᠵᠣᠪᠠᠯᠠᠩ ᠲᠠᠢ ᠴᠦ ᠡᠷᠢᠶᠡᠨ ᠬᠤᠷᠸ᠎ᠠ᠂ ᠬᠠᠶᠢᠷ᠎ᠠ ᠲᠠᠢ ᠴᠤ ᠬᠠᠶᠢᠷ᠎ᠠ ᠦᠭᠡᠢ ᠴᠦ ᠨᠢᠭᠡ ᠨᠠᠰᠤ᠃ ᠶᠡᠷᠦ ᠨᠢ ᠪᠤᠷᠬᠠᠨ ᠤ ᠢᠪᠡᠭᠡᠯ ᠢᠶᠠᠷ ᠲᠥᠯᠵᠢᠭᠡᠳ | ᠴᠢᠳᠬᠦᠷ ᠤᠨ ᠴᠣᠬᠢᠶ᠎ᠠ ᠪᠠᠷ ᠠᠮᠢᠳᠤᠷᠠᠳᠠᠭ ᠶᠢᠷᠲᠢᠨᠴᠦ ᠳᠤ ᠤᠯᠠᠶᠢᠵᠤ ᠰᠢᠩᠭᠡᠬᠦ ᠨᠡᠷᠡᠨ ᠠᠴᠠ ᠤᠷᠭᠤᠵᠤ ᠭᠠᠷᠬᠤ ᠥᠷᠯᠥᠭᠡ ᠪᠤᠯᠲᠠᠯ᠎ᠠ ᠲᠥᠭᠡ ᠬᠢᠷᠢ ᠶᠢᠨ ᠵᠠᠢ ᠪᠢᠯᠢᠦ | ︖ ᠭᠡᠨᠡᠨ ᠵᠠᠯᠠᠭᠤ ᠨᠠᠰᠤᠨ ᠤ ᠬᠥᠮᠥᠨ ᠪᠦᠭᠦᠨ ᠤ ᠡᠮᠦᠨᠡᠭᠦᠷ ᠭᠡᠳᠡᠶᠢᠭᠡᠳ ᠭᠠᠷᠤᠮᠠᠷ ᠬᠡᠶᠢᠷᠬᠡᠯ ᠪᠠ ᠢᠳᠡᠷ ᠨᠠᠰᠤᠨ ᠤ ᠪᠣᠷᠣ ᠬᠤᠨᠤᠭ᠂ ᠪᠦᠷᠦᠭ ᠠᠮᠢᠳᠤᠷᠠᠯ᠂ | ᠪᠦᠳᠦᠷᠢᠯ ᠮᠤᠬᠤᠷᠳᠠᠯ᠂ ᠬᠠᠵᠠᠭᠤ ᠳᠠᠬᠢ ᠬᠥᠮᠥᠨ ᠤ ᠬᠤᠱᠣᠩᠨᠠᠯ ᠳᠠᠭᠠᠵᠢᠩᠨᠠᠯ ᠢ ᠵᠡᠷᠭᠡ ᠲᠤᠭᠤᠯᠵᠤ ᠢᠷᠡᠭᠰᠡᠨ ᠵᠠᠮ ᠮᠥᠷ ᠮᠠᠨᠢ ᠳᠡᠯᠭᠡᠴᠡᠨ ᠳᠡᠭᠡᠷᠡᠬᠢ ᠺᠢᠨᠣ᠋ ᠰᠢᠭ᠋ | ᠲᠠᠷᠢᠬᠢᠨ ᠳᠤ ᠮᠢᠨᠢ ᠠᠯᠳᠠᠯ ᠦᠭᠡᠢ ᠥᠩᠭᠡᠷᠡᠯ᠎ᠡ᠃ ᠭᠡᠬᠦ ᠳᠡᠭᠡᠨ ᠭᠤᠣᠯ ᠲᠣᠭᠯᠠᠭᠴᠢ ᠨᠢ ᠪᠢ ᠥᠪᠡᠷ ᠢᠶᠠᠨ ᠪᠠ ᠮᠢᠨᠤ ᠬᠠᠮᠤᠭ ᠤᠨ ᠬᠠᠶᠢᠷᠠᠲᠠᠢ ᠬᠥᠮᠥᠰ᠂ ᠦᠷ᠎ᠡ | ᠳ᠋ᠦᠩ ᠳᠤᠨᠢ ᠵᠠᠵᠢᠨ ᠦᠰᠦ ᠮᠢᠨᠢ ᠪᠤᠭᠤᠷᠤᠯᠲᠤᠨ ᠵᠠᠬ᠎ᠠ ᠶᠢᠨ ᠠᠷᠠᠭ᠎ᠠ ᠮᠢᠨᠢ ᠡᠮᠲᠡᠷᠡᠯᠡ᠃ | ᠳᠤᠷᠠᠯᠠᠯ | ︽ᠰᠢᠪᠡᠷᠡᠨ ᠰᠢᠪᠡᠷᠡᠭᠰᠡᠨ ᠨᠠᠮᠤᠷ ᠤᠨ ᠪᠣᠷᠤᠭ᠎ᠠ ᠰᠢᠯ ᠢ ᠲᠠᠭᠠᠨ ᠤᠷᠤᠰᠤᠨ᠎ᠠ᠂ ᠰᠢᠨᠠᠯᠤᠭᠰᠠᠨ ᠵᠢᠷᠦᠬᠡ ᠪᠠᠨ ᠳᠡᠩᠰᠡᠯᠭᠡᠨ ᠪᠠᠶᠢᠵᠤ ᠰᠡᠳᠬᠢᠯ ᠤᠨ ᠴᠢᠮ᠎ᠠ ᠪᠠᠨ | ᠳᠤᠷᠠᠰᠤᠨ᠎ᠠ︾ ᠭᠡᠬᠦ ᠳᠠᠭᠤᠤ ᠶᠢᠨ ᠠᠶ᠎ᠠ ᠶᠢ ᠲᠠᠭᠠᠭᠠᠳ ᠰᠡᠳᠬᠢᠯ ᠮᠢᠨᠢ ᠰᠡᠮᠡᠷᠡᠨ ᠰᠡᠮᠡᠷᠡᠭᠰᠡᠭᠡᠷ ᠬᠤᠯᠠ ᠶᠢᠨ ᠪᠤᠳᠤᠯ ᠡᠯᠭᠦᠨ᠎ᠡ᠃ ᠳᠤᠷᠠᠯᠠᠯ ᠭᠡᠭᠴᠢ ᠶᠠᠭᠤ ᠪᠣᠯ︖ | ᠬᠠᠯᠲᠤ ᠬᠠᠷᠠᠬᠤ ᠳᠤ ᠭᠠᠯ ᠨᠣᠴᠣᠮᠠᠷ ᠤᠴᠠᠷᠠᠯ ᠤᠤ︖ ᠬᠠᠷᠢᠨ ᠨᠠᠮᠤᠭᠤᠬᠠᠨ ᠳᠥᠯᠭᠡᠬᠡᠨ ᠬᠠᠷᠠᠴᠠ ᠪᠠᠨ ᠪᠤᠷᠤᠭᠤᠯᠠᠨ᠂ ᠨᠢᠭᠤᠵᠤ ᠳᠤᠷᠠᠯᠠᠭᠠᠳ ᠵᠣᠪᠠᠵᠤ ᠳᠡᠩᠰᠡᠯᠬᠦ | ᠰᠡᠳᠬᠢᠯ ᠤᠤ︖ ᠠᠯᠢ ᠡᠰᠡᠬᠦᠯ᠎ᠡ ᠫᠦᠱᠺᠢᠨ ᠤ ᠵᠣᠬᠢᠶᠠᠯ ᠳᠤ ᠭᠠᠷᠳᠠᠭ ᠨᠥᠬᠦᠷ ᠲᠠᠢ ᠪᠦᠰᠡᠭᠦᠢ ᠶᠢᠨ ᠲᠥᠯᠥᠭᠡ ᠭᠦᠷᠳᠡᠯ᠎ᠡ ᠳ᠋ᠦᠸᠧᠯ ᠵᠠᠷᠯᠠᠵᠤ ᠱᠦᠳ ᠭᠠᠷᠬᠤ | ᠰᠤᠮᠤᠨ ᠳᠤ ᠫᠦᠳ ᠣᠨᠣᠭᠳᠠᠬᠤ ᠠᠮᠢ ᠨᠠᠰᠤ ᠤᠤ︖ ᠠᠩᠬᠠᠨ ᠤ ᠳᠤᠷᠠᠯᠠᠯ ᠳᠠᠭᠠᠨ ᠠᠯᠢᠪᠠ ᠪᠠᠨ ᠣᠭᠤᠷᠴᠤ ᠤᠰᠤᠨ ᠳᠤ ᠵᠢᠪᠴᠦ ᠦᠬᠦᠭᠰᠡᠨ ᠲᠢᠲ᠋ᠠᠨᠢᠺᠠ | ᠲᠡᠮᠳᠡᠭᠲᠦ ᠣᠩᠭᠤᠴᠠᠨ ᠤ ᠵᠢᠶᠧᠺ ᠤᠤ︖ ᠦᠭᠡᠢ ᠪᠠᠶᠢᠬ᠎ᠠ᠂ ᠲᠡᠶᠢᠮᠤ ᠳᠤᠷᠠᠯᠠᠯ ᠪᠣᠯ ᠡᠷᠡᠭᠲᠡᠢ ᠡᠮᠡᠭᠲᠡᠢ ᠬᠤᠶᠠᠷ ᠬᠥᠮᠥᠨ ᠤ ᠲᠦᠷ ᠵᠠᠭᠤᠷ᠎ᠠ ᠶᠢᠨ ᠵᠢᠷᠭᠠᠯ᠂ | ᠰᠡᠳᠬᠢᠯ ᠤᠨ ᠬᠥᠭᠰᠡᠯ᠃ ᠶᠠᠭ ᠯᠠ ᠰᠢᠷᠭᠠᠯ ᠨᠠᠮᠤᠷ ᠤᠨ ᠰᠠᠯᠬᠢᠨ ᠳᠤ ᠬᠤᠷᠤᠮᠬᠠᠨ ᠪᠥᠵᠢᠭᠰᠡᠨ ᠨᠠᠪᠴᠢᠰ ᠰᠢᠭ᠋᠃ ᠰᠢᠲᠠᠭᠰᠠᠨ ᠳᠠᠭᠠᠨ ᠮᠡᠯᠮᠡᠷᠡᠭᠰᠡᠨ ᠲᠤᠰᠤᠨ | ᠭᠤᠣᠯ ᠲᠠᠢ ᠵᠤᠯᠠ ᠰᠢᠭ᠋ ᠨᠠᠨᠳᠢᠨ ᠪᠠᠶᠢᠲᠠᠯ᠎ᠠ ᠪᠠᠨ ᠬᠤᠷᠤᠮᠬᠠᠨ ᠭᠱᠠᠨ᠃ ᠬᠠᠷᠢᠨ ᠬᠠᠶᠢᠷ᠎ᠠ ᠭᠡᠭᠴᠢ ᠬᠤᠩᠭᠤᠷ ᠬᠤᠶᠠᠷ ᠠᠶᠢᠯ ᠭᠡᠷ ᠪᠣᠯᠣᠨ ᠠᠴᠢᠷ ᠦᠷ᠎ᠡ ᠪᠠᠨ | ᠥᠰᠬᠡᠭᠡᠳ ᠠᠮᠢᠳᠤᠷᠠᠯ ᠤᠨ ᠪᠣᠷᠣ ᠬᠤᠨᠤᠭ ᠢ ᠠᠭᠤᠷ ᠲᠠᠢ ᠤᠴᠠᠭᠠᠷ ᠲᠠᠢ ᠥᠩᠭᠡᠷᠡᠭᠡᠵᠦ ᠪᠠᠶᠢᠭ᠎ᠠ ᠭᠡᠷ ᠪᠦᠯᠢ᠂ ᠭᠠᠯᠲᠤ ᠠᠭᠤᠯᠠᠨ ᠳᠤ ᠬᠠᠮᠲᠤ ᠭᠠᠷᠴᠤ᠂ ᠭᠠᠴᠢᠭ | ᠴᠠᠭ ᠲᠤ ᠬᠠᠷᠢᠯᠴᠠᠨ ᠡᠨᠡᠷᠢᠵᠦ᠂ ᠦᠨᠡᠨᠴᠢ ᠬᠠᠶᠢᠷᠠᠯᠠᠵᠤ᠂ ᠡᠭᠦᠷᠢᠳᠡ ᠣᠭᠤᠷᠬᠤ ᠦᠭᠡᠢ᠂ ᠨᠢᠳᠤᠷᠭ᠎ᠠ ᠪᠠᠨ ᠵᠠᠩᠭᠢᠳᠤᠭᠰᠠᠨ ᠲᠠᠩᠭᠠᠷᠢᠭ ᠪᠢᠰᠢ ᠴᠦ ᠨᠢᠭᠤᠵᠤ | ᠳᠠᠭᠠᠳᠬᠠᠭᠰᠠᠨ ᠵᠠᠯᠪᠠᠷᠢᠯ ᠪᠤᠯᠬᠤ ᠶᠤᠮ᠃ | ᠢᠴᠡᠭᠡᠯᠡᠯ | ᠰᠢᠷᠠᠯᠠᠵᠤ ᠤᠨᠠᠭᠰᠠᠨ ᠡᠪᠡᠰᠦᠨ ᠤ ᠳᠣᠣᠷ᠎ᠠ ᠪᠡᠭᠡᠷᠡᠵᠦ ᠮᠠᠭᠤᠵᠢᠷᠠᠭᠰᠠᠨ ᠬᠡᠳᠦᠨ ᠬᠤᠷᠣᠬᠠᠢ᠂ ᠡᠪᠡᠰᠦ ᠰᠢᠷᠦ᠋ᠢᠨ ᠳᠤᠮᠳᠠ ᠬᠦᠴᠢᠷᠲᠡᠶᠢᠬᠡᠨ ᠮᠠᠴᠤᠯᠬᠢᠯᠠᠨᠠ᠃ | ᠬᠥᠯ ᠨᠢ ᠨᠢᠭᠡ ᠨᠢᠭᠡ ᠪᠠᠷ ᠠᠯᠭᠤᠷᠬᠠᠨ ᠰᠣᠯᠪᠢᠴᠠᠯᠠᠵᠦ᠂ ᠬᠠᠪᠲᠠᠭᠠᠢ ᠬᠠᠷ᠎ᠠ ᠲᠣᠯᠣᠭᠠᠢ ᠪᠠᠨ ᠴᠢᠨᠡᠭᠡ ᠮᠡᠳᠡᠨ ᠮᠢᠳᠠᠶᠢᠯᠭᠠᠭᠰᠠᠨ ᠴᠦ ᠡᠮᠦᠨ᠎ᠡ ᠵᠠᠮ ᠢᠶᠠᠨ | ᠣᠯᠢᠬᠳᠠᠢ ᠦᠵᠡᠵᠦ ᠶᠠᠳᠠᠨ᠎ᠠ᠃ ︽ᠡᠨᠡ ᠬᠡᠳᠦᠭᠦᠯᠡ ᠶᠢᠨ ᠨᠢᠳᠦ ᠨᠢ ᠴᠦ ᠮᠠᠭᠤᠳᠠᠵᠤ᠂ ᠴᠢᠬᠢ ᠨᠢ ᠴᠦ ᠳᠦᠯᠡᠶᠢᠷᠡᠭᠡ ᠪᠣᠯᠪᠠ ᠤᠤ︖ ᠡᠪᠦᠯ ᠤᠨ ᠬᠦᠢᠲᠡᠨ ᠢ | ᠬᠠᠮᠢᠭ᠎ᠠ ᠣᠴᠢᠵᠤ ᠥᠩᠭᠡᠷᠡᠭᠡᠬᠦ ᠭᠡᠵᠦ ᠪᠠᠶᠢᠭ᠎ᠠ ᠪᠣᠯ︖ ᠲᠦᠷᠦᠯ ᠰᠠᠳᠣᠨ ᠤ ᠪᠠᠨ ᠵᠦᠭ ᠶᠠᠪᠤᠵᠤ ᠪᠠᠶᠢᠭ᠎ᠠ ᠪᠣᠯᠪᠠ ᠤᠤ︖ ᠢᠩᠭᠢᠵᠦ ᠦᠢᠯᠡ ᠲᠠᠮᠤ ᠪᠠᠨ | ᠦᠵᠡᠨ ᠳᠠᠭᠠᠷᠠᠵᠦ ᠪᠡᠭᠡᠷᠡᠨ ᠮᠠᠴᠤᠯᠬᠢᠯᠠᠬᠤ ᠶᠢᠨ ᠣᠷᠣᠨ ᠳᠤ᠂ ᠭᠠᠵᠠᠷ ᠴᠣᠭᠤᠯᠣᠨ ᠢᠴᠡᠭᠡᠯᠡᠬᠦ ᠨᠦᠬᠡ ᠪᠠᠨ ᠮᠠᠯᠲᠠᠭᠰᠠᠨ ᠨᠢ ᠠᠷᠠᠢ ᠳᠡᠭᠡᠷ᠎ᠡ ᠪᠢᠰᠢ ᠤᠤ︖︾ | ᠬᠡᠮᠡᠨ ᠪᠢ ᠡᠯᠳᠡᠪ ᠡᠰᠡᠨ ᠢ ᠪᠤᠳᠣᠵᠦ ᠪᠠᠶᠢᠲᠠᠯ᠎ᠠ᠂ ᠴᠡᠴᠡᠷᠯᠢᠭᠴᠢ ᠲᠡᠷᠲᠡᠭᠡ ᠠᠴᠠ ᠣᠰᠣᠨ ᠭᠤᠭᠤᠵᠢᠭᠤᠷ ᠠᠪᠴᠢᠷᠠᠨ ᠨᠠᠭᠠᠰᠢ ᠴᠢᠭᠯᠡᠭᠦᠯᠦᠨ ᠬᠠᠶᠠᠬᠤ ᠳᠤ | ᠳᠣᠲᠣᠷ᠎ᠠ ᠠᠴᠠ ᠨᠢ ᠣᠶᠢᠯᠤᠨ ᠭᠠᠷᠤᠭᠰᠠᠨ ᠣᠰᠣᠨ ᠤ ᠬᠦᠴᠦᠨ ᠳᠤ ᠥᠨᠥᠬᠢ ᠬᠤᠷᠣᠬᠠᠶᠢᠳ ᠵᠢᠪᠦᠨ ᠰᠠᠷᠪᠠᠭᠠᠨᠠᠭᠰᠠᠭᠠᠷ ᠬᠤᠯᠠᠳᠠᠪᠠ᠃ ᠪᠢ ᠶᠠᠭᠠᠷᠠᠤ ᠮᠡᠩᠳᠡᠭᠦᠦ | ᠣᠰᠣᠨ ᠤ ᠤᠷᠤᠰᠬᠠᠯ ᠢ ᠲᠠᠭᠠᠨ ᠭᠦᠶᠦᠬᠦ ᠳᠤ ᠦᠨᠦᠭᠢᠳ ᠣᠰᠣᠨ ᠤ ᠬᠦᠴᠦᠨ ᠳᠤ ᠳᠡᠭᠡᠭᠰᠢ ᠳᠣᠷᠣᠭᠰᠢ ᠤᠷᠪᠠᠨ ᠬᠥᠷᠪᠡᠨ ᠭᠠᠰᠠᠯᠠᠩ ᠤᠨ ᠳᠠᠯᠠᠢ ᠳᠤ | ᠲᠡᠯᠴᠢᠯᠡᠬᠦ ᠶᠢ ᠬᠠᠷᠠᠨ᠂ ᠬᠤᠷᠳᠤᠬᠠᠨ ᠰᠢᠭᠦᠷᠡᠨ ᠭᠠᠷᠭᠠᠬᠤ ᠪᠠᠷ ᠪᠠᠵᠠᠭᠠᠵᠤ ᠪᠠᠶᠢᠲᠠᠯ᠎ᠠ ᠲᠡᠷᠲᠡᠭᠡ ᠨᠦᠬᠡ ᠤᠷᠤᠭᠤ ᠣᠮ ᠬᠤᠮ ᠦᠭᠡᠢ ᠪᠦᠭᠦ᠋ᠢᠯᠡ ᠪᠠᠷ ᠵᠠᠶᠢᠮᠣᠴᠢᠨ | ᠣᠷᠣᠪᠠ᠃ ᠪᠢ ᠮᠣᠳᠣᠳ ᠢ ᠲᠣᠭᠤᠷᠢᠨ ᠭᠦᠶᠦᠭᠡᠳ ᠤᠰᠤ ᠴᠢᠳᠬᠤᠨ ᠣᠷᠣᠭᠰᠠᠨ ᠨᠦᠭᠡᠨ ᠳᠤ ᠣᠴᠢᠵᠤ ᠯᠠᠪᠳᠠᠭᠤᠯᠠᠨ ᠬᠠᠷᠠᠪᠠᠯ ᠦᠢᠯᠡᠷ ᠲᠠᠢ ᠦᠨᠦᠭᠢᠳ | ᠨᠦᠭᠡᠨ ᠠᠮᠠᠨ ᠳᠠᠬᠢ ᠬᠡᠳᠦᠨ ᠡᠪᠡᠰᠦᠨ ᠤ ᠲᠣᠯᠣᠭᠠᠢ ᠳᠤ ᠰᠠᠷᠪᠠᠶᠢᠯᠴᠠᠨ ᠬᠠᠷᠠᠯᠠᠵᠤ ᠪᠠᠶᠢᠪᠠ᠃ ᠪᠢ ᠠᠯᠠᠰᠬᠢᠨ ᠪᠠᠶᠠᠷᠯᠠᠵᠤ ᠳᠡᠳᠡᠨ ᠢ ᠨᠢᠭᠡ ᠨᠢᠭᠡ ᠪᠠᠷ ᠲᠡᠭᠦᠵᠦ | ᠠᠪᠤᠨ ᠴᠠᠭᠠᠨ᠎ᠠ ᠬᠠᠭᠤᠷᠠᠢ ᠳᠡᠭᠡᠷ᠎ᠡ ᠳᠠᠯᠪᠢᠬᠤ ᠳᠤ ᠲᠡᠳᠡᠭᠡᠷ ᠬᠤᠷᠣᠬᠠᠶᠢᠳ ᠲᠡᠭᠰᠢ ᠴᠦ ᠵᠣᠭᠰᠣᠵᠤ ᠴᠢᠳᠠᠬᠤ ᠦᠭᠡᠢ ᠳᠡᠮᠪᠡᠯᠵᠡᠨ ᠬᠠᠶᠢᠪᠠᠯᠵᠠᠭᠰᠠᠨ ᠴᠦ ᠯᠠᠪᠳᠠᠭᠤᠨ | ᠵᠣᠭᠰᠣᠵᠤ᠂ ᠪᠠᠲᠤᠲᠠᠢ ᠲᠣᠭᠲᠠᠬᠤ ᠪᠠᠷ ᠴᠢᠨᠡᠭᠡ ᠮᠡᠳᠡᠨ ᠴᠢᠷᠮᠠᠶᠢᠵᠤ ᠪᠠᠶᠢᠬᠤ ᠨᠢ ᠢᠯᠡᠳᠲᠡ᠃ ︽ᠤᠳᠠᠯ ᠦᠭᠡᠢ ᠳᠠᠨᠣᠰ ᠲᠤ ᠳᠤᠯᠠᠭᠠᠨ ᠭᠡᠷ ᠮᠠᠯᠲᠠᠵᠤ ᠦᠭᠭᠦᠶ᠎ᠡ᠂ | ᠲᠠᠨᠠᠷ ᠰᠢᠨ᠎ᠡ ᠭᠡᠷ ᠲᠤ ᠡᠪᠦᠯᠵᠢᠨ᠎ᠡ ᠳ᠋ᠠ︾ ᠬᠡᠮᠡᠨ ᠶᠡᠭᠡ ᠭᠠᠪᠢᠶ᠎ᠠ ᠪᠠᠶᠢᠭᠤᠯᠤᠭᠰᠠᠨ ᠪᠢ ᠠᠮᠠᠨ ᠳᠠᠭᠠᠨ ᠳᠦᠳᠦᠨᠡᠭᠡᠳ ᠲᠠᠮᠠᠬᠢ ᠪᠠᠨ ᠨᠣᠴᠣᠭᠠᠭᠠᠳ ᠣᠷᠳᠣ ᠭᠡᠭᠴᠢ | ᠰᠣᠷᠣᠲᠠᠯᠠ᠂ ᠨᠢᠭᠡᠨ ᠠᠯᠢᠶ᠎ᠠ ᠬᠡᠦᠬᠡᠳ ᠲᠣᠭᠯᠠᠭᠠᠮ ᠤᠨ ᠲᠡᠷᠭᠡ ᠪᠠᠨ ᠬᠦᠷᠴᠢᠭᠢᠨᠡᠭᠦᠯᠦᠨ ᠮᠢᠨᠤ ᠬᠠᠵᠠᠭᠤ ᠪᠠᠷ ᠭᠠᠷᠬᠤ ᠲᠠᠭᠠᠷᠠᠪᠠ᠃ ᠪᠢ ᠬᠠᠰᠬᠢᠷᠤᠨ ᠵᠠᠪᠳᠤᠲᠠᠯ᠎ᠠ | ᠥᠨᠥᠬᠢ ᠬᠡᠦᠬᠡᠳ ᠤᠨ ᠲᠡᠷᠭᠡᠨ ᠤ ᠪᠤᠯᠤ ᠶᠠᠭ ᠮᠢᠨᠤ ᠬᠡᠳᠦᠨ ᠬᠤᠷᠣᠬᠠᠶᠢᠳ ᠤᠨ ᠳᠡᠭᠡᠭᠦᠷ ᠨᠢᠴᠠ ᠳᠠᠷᠤᠨ ᠥᠩᠭᠡᠷᠡᠯ᠎ᠡ᠃ ᠨᠠᠮᠤᠷ ᠭᠡᠭᠴᠢ ᠢᠩᠭᠢᠭᠡᠳ ᠰᠢᠪᠲᠤᠷᠠᠯᠠ ᠁ | | |