| | ᠵᠢᠷᠠ ᠬᠦᠷᠬᠦ ᠳᠤ ᠶᠠᠭᠠᠬᠢᠬᠤᠪ᠂ ᠵᠦᠪᠭᠡᠨ ᠵᠢᠷᠠ ᠭᠦᠷᠦᠭᠰᠡᠨ ᠲᠡᠳᠦᠢ᠃ | ᠵᠠᠵᠢᠨ ᠦᠰᠦ ᠴᠠᠶᠢᠯ᠎ᠠ᠂ ᠴᠠᠭᠠᠨ ᠪᠤᠭᠤᠷᠤᠯ ᠪᠣᠯᠣᠯ᠎ᠠ᠃ ᠴᠠᠭᠠᠨ ᠪᠤᠭᠤᠷᠤᠯ ᠢ ᠨᠢ ᠴᠠᠭᠠᠨ ᠪᠤᠭᠤᠷᠤᠯ ᠢᠶᠠᠷ ᠭᠤᠶᠣᠯᠠᠵᠤ ᠰᠤᠯᠠ ᠲᠠᠯᠪᠢᠨ ᠰᠠᠭᠰᠠᠯᠵᠠᠭᠤᠯᠬᠤ᠂ | ᠴᠢᠪ ᠬᠢᠲᠡᠯ᠎ᠡ ᠬᠡᠷᠪᠢᠭᠡᠳ ᠠᠬᠠᠷ ᠭᠡᠵᠢᠭᠡ ᠲᠠᠯᠪᠢᠬᠤ᠂ ᠮᠥᠩᠭᠦᠨ ᠬᠠᠳᠬᠤᠭᠤᠷ ᠢᠶᠠᠷ ᠨᠠᠮᠪᠠᠯᠢᠬᠬᠠᠨ ᠬᠠᠪᠴᠢᠵᠤ᠂ ᠰᠤᠪᠤᠳ ᠱᠢᠷᠦ ᠶᠢᠨ ᠬᠠᠪᠴᠢᠭᠤᠷ ᠢ ᠡᠪ ᠢ ᠨᠢ | ᠲᠠᠭᠠᠷᠠᠭᠤᠯᠵᠤ ᠰᠢᠭᠢᠳᠬᠡᠨ᠂ ᠠᠷᠢᠭᠤᠨ ᠬᠠᠰ ᠢᠶᠠᠷ ᠴᠣᠭᠴᠠᠯᠠᠭᠰᠠᠨ ᠰᠢᠭ᠋ ᠠᠬᠠᠮᠠᠳ ᠨᠢᠭᠡ ᠦᠶ᠎ᠡ ᠶᠢᠨ ᠬᠢᠨ ᠰᠢᠤ ᠭᠡᠬᠦ ᠷᠣᠮᠠᠨᠲ᠋ᠢᠭ ᠲᠥᠷᠬᠦ ᠲᠠᠢ ᠭᠡᠷᠡᠯ ᠤᠶᠢᠵᠤ | ᠠᠮᠢᠳᠤᠷᠠᠬᠤᠢ᠃ ᠡᠮᠦᠰᠴᠦ ᠵᠡᠭᠦᠬᠦ ᠬᠤᠪᠴᠠᠰᠤ ᠬᠤᠨᠠᠷ ᠢᠶᠠᠨ ᠴᠠᠭ ᠤᠨ ᠪᠠᠶᠢᠳᠠᠯ ᠳᠤ ᠲᠣᠬᠢᠷᠠᠭᠤᠯᠤᠨ᠂ ᠠᠬᠤᠢ ᠲᠠᠯᠠᠪᠠᠢ ᠳᠤ ᠵᠣᠬᠢᠴᠠᠭᠤᠯᠤᠨ᠎ᠠ᠃ ᠬᠤᠷᠠᠯ | ᠴᠤᠭᠯᠠᠭᠠᠨ ᠳᠤ ᠲᠥᠪ ᠬᠢᠨᠠᠭᠤᠷ᠂ ᠪᠤᠰᠤᠳ ᠢ ᠬᠦᠨᠳᠦᠳᠬᠡᠬᠦ ᠪᠤᠶᠤ ᠪᠤᠰᠤᠳ ᠢᠶᠠᠷ ᠭᠦᠨᠳᠦᠳᠭᠡᠭᠦᠯᠭᠦ ᠶᠢ ᠬᠢᠴᠢᠶᠡᠬᠦ᠂ ᠨᠠᠶᠢᠷ ᠬᠤᠷᠢᠮ ᠳᠤ ᠡᠷᠬᠢᠮᠰᠦᠭ ᠬᠠᠲᠤᠭᠲᠠᠢ | ᠮᠡᠲᠦ ᠤᠬᠠᠮᠵᠢ ᠲᠠᠢ ᠮᠥᠷᠲᠡᠭᠡᠨ ᠭᠦᠷ ᠲᠤ ᠨᠡᠩ ᠬᠥᠭᠵᠢᠯᠲᠡᠢ ᠪᠠᠶᠢᠬᠤ᠂ ᠨᠠᠭᠠᠳᠴᠤ ᠵᠤᠭᠠᠯᠠᠬᠤ ᠦᠶ᠎ᠡ ᠳᠡᠭᠡᠨ ᠰᠣᠷᠭᠤᠭ ᠥᠩᠭᠡ ᠲᠠᠢ ᠳᠡᠭᠵᠢᠨ ᠬᠢᠴᠡ ᠲᠠᠢ | ᠱᠠᠬᠠᠢ ᠡᠮᠦᠰᠴᠦ᠂ ᠡᠷᠬᠡ ᠴᠢᠯᠦᠭᠡ ᠲᠠᠢ᠂ ᠡᠯᠪᠡᠭ ᠠᠭᠤᠵᠢᠭᠤ ᠡᠮᠦᠰᠬᠡᠯ ᠢᠶᠠᠷ ᠬᠤᠶᠠᠭᠯᠠᠵᠤ᠂ ᠠᠭᠤᠯᠠᠨ ᠳᠤ ᠭᠠᠷᠴᠤ ᠤᠰᠤᠨ ᠳᠤ ᠣᠷᠣᠬᠤ ᠪᠠᠷ ᠪᠡᠯᠡᠬᠡᠨ ᠪᠠᠶᠢᠬᠤ᠂ | ᠲᠠᠯ᠎ᠠ ᠳᠤ ᠲᠣᠭᠯᠠᠵᠤ᠂ ᠲᠠᠪᠠ ᠪᠠᠷ ᠪᠠᠶᠢᠵᠤ ᠴᠢᠳᠠᠳᠠᠭ᠃ ᠵᠢᠷᠠ ᠬᠦᠷᠬᠦ ᠳᠤ ᠶᠠᠭᠠᠬᠢᠬᠤᠪ᠂ ᠵᠦᠪᠭᠡᠨ ᠵᠢᠷᠠ ᠭᠦᠷᠦᠭᠰᠡᠨ ᠲᠡᠳᠦᠢ᠃ | ᠠᠷᠭ᠎ᠠ ᠦᠭᠡᠢ ᠶᠤᠮ ᠠ᠋᠂ ᠠᠷᠠᠭᠠᠨ ᠰᠢᠳᠤ ᠮᠢᠨᠢ ᠨᠢᠭᠡ ᠤᠨᠠᠴᠢᠬᠠᠯ᠎ᠠ᠃ ᠠᠷᠠᠭᠠᠨ ᠰᠢᠳᠤ ᠪᠠᠨ ᠨᠥᠬᠦᠬᠦ ᠭᠡᠵᠦ ᠡᠮᠨᠡᠯᠭᠡ ᠳᠤ ᠭᠦᠷᠦᠯ᠎ᠠ᠃ ᠡᠮᠴᠢ ᠭᠤᠸᠠᠢ | ᠨᠠᠰᠤ ᠵᠢᠯ ᠢ ᠠᠰᠠᠭᠤᠬᠤ ᠳᠤ ᠦᠨᠡᠨ ᠮᠥᠨ ᠢᠶᠠᠷ ᠨᠢ ᠬᠠᠷᠢᠭᠤᠯᠪᠠ᠃ | - ᠵᠢᠷᠠ ᠬᠦᠷᠴᠢᠬᠡᠭᠡᠳ ᠨᠢᠭᠡ ᠠᠷᠠᠭ᠎ᠠ ᠤᠨᠠᠬᠤ ᠳᠤ ᠶᠠᠭᠤ ᠪᠠᠶᠢᠬᠤᠪ᠃ ᠰᠠᠶᠢᠬᠠᠨ ᠥᠲᠡᠯᠵᠦ ᠪᠠᠶᠢᠨ᠎ᠠ᠃ ᠵᠠᠯᠠᠭᠤᠬᠠᠨ ᠴᠣᠭᠯᠢᠭ ᠬᠠᠷᠠᠭᠳᠠᠵᠤ ᠪᠠᠶᠢᠨ᠎ᠠ᠃ | ᠶᠡᠷᠦ ᠨᠢ ᠰᠦ ᠴᠠᠭ᠎ᠠ ᠢᠳᠡᠳᠡᠭ ᠬᠥᠮᠥᠰ ᠰᠢᠳᠦ ᠰᠠᠶᠢᠲᠠᠢ ᠪᠠᠶᠢᠳᠠᠭ ᠶᠤᠮ ᠭᠡᠪᠡ᠃ | ᠲᠡᠶᠢᠮᠦ ᠠ᠋᠂ ᠨᠠᠷᠠᠨ ᠤ ᠳᠣᠣᠷ᠎ᠠ ᠰᠠᠯᠬᠢᠨ ᠯᠤᠭ᠎ᠠ ᠲᠣᠭᠯᠠᠵᠤ᠂ ᠡᠪᠡᠰᠦᠨ ᠤ ᠰᠤᠷ ᠤᠰᠤᠨ ᠤ ᠲᠤᠩᠭᠠᠯᠠᠭ ᠲᠤ ᠴᠠᠳᠤᠨ᠂ ᠥᠷᠭᠡᠨ ᠬᠠᠩᠭᠠᠢ ᠠᠭᠤᠳᠠᠮ | ᠲᠠᠯ᠎ᠠ ᠪᠠᠨ ᠴᠢᠮᠡᠳᠡᠭ᠂ ᠥᠶᠥᠭ ᠲᠠᠩᠰᠤᠭ ᠠᠮᠢᠳᠤᠷᠠᠯ ᠢ ᠴᠤ ᠬᠠᠩᠭᠠᠳᠠᠭ ᠲᠠᠪᠤᠨ ᠬᠤᠰᠢᠭᠤ ᠮᠠᠯ ᠤᠨ ᠮᠢᠨᠢ ᠠᠰᠢᠭ ᠰᠢᠮ᠎ᠡ᠂ ᠠᠴᠢ ᠲᠤᠰᠠ ᠶᠢ ᠠᠯᠢ ᠠᠴᠠ ᠨᠢ | ᠵᠠᠬᠠᠯᠠᠵᠤ ᠶᠠᠷᠢᠬᠤ ᠪᠢᠯᠡ᠃ ᠢᠩᠭᠡᠨ ᠰᠦ᠂ ᠭᠡᠭᠦᠦ ᠶᠢᠨ ᠢᠯᠭᠠᠳᠠᠰᠤ ︵ᠰᠢᠭᠡᠰᠦ︶ ᠨᠢ ᠭᠦᠷᠳᠡᠯ᠎ᠡ ᠳᠡᠭᠡᠳᠦ ᠬᠡᠮᠵᠢᠶᠡᠨ ᠤ ᠡᠮ ᠡᠮᠴᠢᠯᠡᠭᠡ ᠳᠤ ᠵᠠᠷᠤᠭᠳᠠᠵᠤ | ᠪᠠᠶᠢᠳᠠᠭ ᠤᠨ ᠨᠠᠭᠠᠨ᠎ᠠ ᠁ ᠵᠢᠷᠠ ᠲᠠᠢ ᠪᠦᠰᠡᠭᠦᠢ ᠶᠠᠰᠤ ᠬᠠᠲᠠᠭᠤ ᠰᠢᠳᠤ ᠰᠠᠶᠢᠲᠠᠢ ᠪᠠᠶᠢᠬᠤ ᠤᠴᠢᠷᠲᠠᠢ᠃ ᠵᠢᠷᠠ ᠶᠢᠨ ᠳᠠᠪᠠᠭ᠎ᠠ ᠶᠢ ᠳᠠᠪᠠᠵᠤ᠂ ᠵᠢᠷᠭᠠᠯ ᠢ | ᠤᠬᠠᠭᠠᠷᠠᠳᠠᠭ ᠮᠥᠷᠲᠡᠭᠡᠨ ᠵᠤᠪᠠᠯᠠᠩ ᠢ ᠨᠡᠩ ᠮᠡᠳᠡᠷᠡᠳᠡᠭ᠃ ᠵᠣᠷᠢᠭᠯᠠᠨ ᠬᠦᠴᠦᠯᠡᠬᠦ ᠳᠤᠷᠠᠲᠠᠢ ᠪᠣᠯᠬᠤᠷ ᠵᠤᠵᠢᠬᠯᠠᠨ ᠬᠦᠷᠬᠦ ᠴᠢᠭ ᠲᠠᠢ ᠶᠤᠮᠰᠠᠨ᠃ ᠲᠡᠷᠡ ᠴᠢᠭ ᠲᠤ | ᠶᠠᠮᠠᠷ ᠴᠤ ᠱᠠᠩᠨᠠᠯ ᠪᠠᠶᠢᠬᠤ ᠦᠭᠡᠢ ᠮᠠᠭᠠᠳ᠂ ᠡᠳ᠋ ᠪᠣᠳᠠᠰ ᠪᠤᠶᠤ ᠡᠰᠡᠬᠦᠯ᠎ᠡ ᠮᠥᠩᠭᠦ ᠲᠥᠭᠦᠷᠢᠭ ᠭᠡᠬᠦ ᠮᠡᠲᠦ᠃ ᠭᠡᠶ᠎ᠡ ᠪᠡᠶ᠎ᠡ ᠮᠢᠨᠢ ᠡᠷᠡᠭᠦᠯ᠂ ᠥᠪᠡᠷ ᠢᠶᠠᠨ ᠪᠢ | ᠪᠠᠶᠠᠰᠤᠭᠰᠠᠨ ᠪᠣᠯ ᠳᠠᠷᠤᠢ ᠶᠡᠭᠡ ᠵᠢᠷᠭᠠᠯ ᠲᠡᠷᠡ᠃ ᠳᠠᠭᠠᠤ ᠳᠤᠨᠢ ᠪᠤᠰᠤᠳ ᠲᠤ ᠬᠠᠷᠰᠢ ᠪᠢᠰᠢ ᠠᠴᠢ ᠪᠣᠯᠤᠭᠰᠠᠨ ᠶᠤᠮ ᠪᠣᠯ ᠲᠡᠷᠡ ᠨᠢ ᠬᠠᠷᠢᠨ ᠲᠡᠭᠷᠢ ᠶᠡᠭᠡ ᠵᠢᠷᠭᠠᠯ | ᠭᠡᠵᠦ ᠶᠠᠰᠤ ᠤᠯᠠᠮ ᠬᠠᠲᠠᠭᠤᠵᠢᠨ᠂ ᠰᠢᠳᠤ ᠪᠠᠰᠠ ᠰᠠᠶᠢᠲᠠᠢ ᠪᠣᠯᠬᠤᠯᠠᠷ ᠨᠢ ᠬᠤᠭᠤᠯᠠ ᠤᠮᠳᠠ ᠮᠢᠨᠢ ᠤᠯᠠᠮ ᠠᠮᠲᠠᠲᠠᠢ ᠰᠢᠮᠡᠲᠡᠢ ᠪᠤᠯᠳᠠᠭ᠃ | ᠵᠢᠷᠠ ᠬᠦᠷᠬᠦ ᠳᠤ ᠶᠠᠭᠠᠬᠢᠬᠤᠪ᠂ ᠵᠦᠪᠭᠡᠨ ᠵᠢᠷᠠ ᠭᠦᠷᠦᠭᠰᠡᠨ ᠲᠡᠳᠦᠢ᠃ | ᠵᠢᠷᠠ ᠲᠠᠢ ᠪᠦᠰᠡᠭᠦᠢ ᠦᠰᠦ ᠵᠠᠰᠠᠬᠤ ᠭᠠᠵᠠᠷ ᠦᠷᠭᠦᠯᠵᠢ ᠣᠴᠢᠳᠠᠭ᠃ ᠵᠠᠵᠢᠨ ᠦᠰᠦ ᠴᠠᠶᠢᠯ᠎ᠠ ᠭᠡᠰᠡᠨ ᠴᠤ ᠵᠠᠰᠠᠵᠤ ᠵᠠᠯᠠᠬᠤ ᠪᠠᠨ ᠰᠤᠯᠠᠷᠠᠭᠤᠯᠵᠤ ᠦᠯᠦ | ᠪᠣᠯᠣᠨ᠎ᠠ᠃ | ᠵᠠᠯᠠᠭᠤ ᠦᠰᠦ ᠵᠠᠰᠠᠭᠴᠢ᠄ ︽ᠡᠭᠡᠴᠢ ᠠ᠋ ᠳᠥᠴᠢᠨ ᠭᠡᠳᠦ ᠲᠠᠢ ᠪᠤᠢ︖ ᠲᠠᠪᠢ ᠣᠶᠢᠷᠠᠲᠤᠯ᠎ᠠ ᠦᠦ︖︾ ᠭᠡᠨ᠎ᠡ᠃ ᠬᠥᠭᠡᠷᠦᠬᠦᠢ ᠦᠰᠦ ᠵᠠᠰᠠᠭᠴᠢ ᠶᠢᠨ | ᠬᠠᠷᠠᠭ᠎ᠠ ᠨᠢ ᠮᠠᠭᠤ ᠪᠠᠶᠢᠨ᠎ᠠ ᠭᠡᠬᠦ ᠭᠱᠠᠨ᠎ᠠ ︽ᠨᠠᠮ᠎ᠠ ᠪᠠᠷ ᠲᠣᠭᠯᠠᠵᠤ ᠪᠠᠶᠢᠬᠤ ᠨᠢ ᠦᠦ︖︾ ᠭᠡᠰᠡᠨ ᠪᠤᠳᠤᠯ ᠴᠤᠭ ᠲᠠᠭᠠᠨ ᠪᠠᠭᠤᠪᠠ᠃ ᠬᠢᠷᠳ᠋ᠬᠢᠨ ᠡᠷᠭᠢᠵᠦ | ᠬᠠᠷᠠᠭᠠᠳ ᠵᠠᠯᠠᠭᠤ ᠶᠢ ᠠᠵᠢᠬᠤ ᠳᠤ ᠠᠷᠠᠢ ᠥᠭᠡᠷ᠎ᠡ ᠰᠠᠨᠠᠭ᠎ᠠ ᠦᠭᠡᠢ ᠰᠢᠭ ᠬᠡᠪ ᠲᠡᠭᠡᠨ ᠯᠠ ᠪᠠᠶᠢᠵᠤ ᠪᠠᠶᠢᠯ᠎ᠠ᠃ | ︽ᠵᠠᠯᠠᠭᠤ ᠮᠢᠨᠢ᠂ ᠵᠢᠷᠠ ᠭᠦᠷᠦᠭᠡᠳ ᠵᠠᠵᠢᠨ ᠦᠰᠦ ᠪᠦᠷ ᠴᠠᠶᠢᠴᠢᠬᠠᠭᠰᠠᠨ ᠰᠢᠤ︾ ᠭᠡᠯᠡ᠃ | ︽ᠦᠰᠦ ᠴᠠᠶᠢᠬᠤ ᠪᠠᠷ ᠨᠠᠰᠤ ᠠᠬᠢᠭᠰᠠᠨ ᠭᠡᠵᠦ ᠲᠣᠳᠣᠯᠠᠵᠤ ᠴᠢᠳᠠᠬᠤ ᠦᠭᠡᠢ ᠪᠣᠯᠤᠭᠰᠠᠨ᠂ ᠵᠠᠯᠠᠭᠤᠴᠤᠳ ᠢᠳᠡᠷᠴᠦᠳ ᠭᠡᠳ ᠪᠤᠭᠤᠷᠤᠯ ᠦᠰᠦ ᠲᠠᠢ ᠨᠢ | ᠪᠠᠶᠢᠬᠤ ᠯᠡ᠃ ᠲᠠ ᠬᠠᠷᠢᠨ ᠵᠢᠰᠦ ᠴᠢᠷᠠᠢ ᠪᠠᠨ ᠶᠠᠭᠠᠬᠢᠭᠰᠠᠨ ᠰᠠᠶᠢᠬᠠᠨ ᠬᠢᠮᠠᠭᠠᠳᠠᠵᠤ ᠪᠠᠶᠢᠭ᠎ᠠ ᠪᠤᠢ︖ ᠬᠠᠴᠠᠷ ᠨᠢᠭᠤᠷ ᠠᠴᠠ ᠴᠢᠨᠢ ᠭᠡᠭᠡ ᠲᠠᠲᠠᠭᠠᠳ᠂ ᠮᠠᠰᠢ | ᠰᠦᠨᠡᠰᠦᠯᠢᠭ ᠬᠠᠷᠠᠭᠳᠠᠨ᠎ᠠ᠃ ᠲᠠ ᠯᠠᠪᠲᠠᠢ ᠤᠯᠠᠨ ᠲᠦᠷᠦᠯ ᠤᠨ ᠴᠢᠨᠠᠷ ᠰᠠᠶᠢᠲᠠᠢ ᠭᠤᠸᠠᠯᠢᠳᠠᠭ ᠡᠳ᠋ ᠬᠡᠷᠡᠭᠯᠡᠳᠡᠭ ᠪᠠᠶᠢᠬ᠎ᠠ︖︾ ᠭᠡᠨ᠎ᠡ᠃ | ᠬᠡᠩ᠂ ᠦᠨᠡᠨ ᠳᠡᠭᠡᠨ ᠪᠢ ᠭᠠᠳᠠᠨ᠎ᠠ ᠪᠠᠨ ᠲᠦᠷᠭᠢᠭᠦ ᠨᠠᠭᠠᠬᠤ ᠵᠦᠢᠯᠡᠰ ᠢ ᠳᠡᠮᠡᠢ ᠴᠢᠬᠤᠯᠠᠴᠢᠯᠠᠳᠠᠭ ᠦᠭᠡᠢ ᠨᠢᠭᠡᠨ᠂ ᠭᠤᠣᠯ ᠨᠢ ᠠᠯᠵᠠᠭᠤ ᠲᠠᠢ ᠭᠡᠳᠡᠭ ᠨᠢ | ᠬᠡᠷᠡᠭ ᠠ᠋᠂ ᠣᠷᠣᠢ ᠳᠠᠭᠠᠨ ᠨᠢᠭᠤᠷ ᠢᠶᠠᠨ ᠤᠬᠢᠶᠠᠬᠤ ᠦᠭᠡᠢ᠂ ᠨᠣᠮ ᠦᠵᠡᠵᠦ ᠨᠣᠮ ᠰᠣᠨᠣᠰᠴᠤ ᠪᠠᠶᠢᠭᠰᠠᠭᠠᠷ ᠤᠨᠲᠠᠴᠢᠬᠠᠳᠠᠭ᠃ ᠠᠵᠠ ᠪᠠᠷ ᠨᠣᠮ ᠪᠢᠴᠢᠭ | ᠬᠥᠮᠥᠨ ᠢ ᠭᠤᠶᠣᠯᠠᠳᠠᠭ ᠨᠢ ᠵᠠᠪᠰᠢᠶᠠᠨ ᠪᠠᠶᠢᠵᠠᠢ᠃ ᠨᠣᠮ ᠤᠨ ᠰᠢᠮ᠎ᠡ ᠤᠶᠤᠨ ᠰᠠᠨᠠᠭ᠎ᠠ ᠶᠢ ᠴᠡᠯᠮᠡᠭᠰᠢᠭᠦᠯᠵᠦ᠂ ᠨᠣᠮ ᠤᠨ ᠭᠡᠷᠡᠯ ᠶᠠᠰᠤ ᠴᠢᠮᠦᠭᠡᠨᠠ ᠨᠡᠪᠳᠡᠷᠡᠨ ᠨᠢᠭᠤᠷ | ᠴᠢᠷᠠᠢ ᠶᠢ ᠠᠷᠢᠭᠤᠰᠬᠠᠨ᠂ ᠬᠦᠴᠦ ᠲᠠᠮᠢᠷ ᠢ ᠰᠡᠯᠪᠢᠳᠡᠭ ᠲᠡᠭᠡᠨ ᠪᠣᠯᠵᠤ ᠪᠠᠶᠢᠨ᠎ᠠ᠂ ᠲᠡᠭᠷᠢ ᠮᠢᠨᠢ᠃ ᠵᠣᠯ ᠢᠶᠠᠷ ᠪᠢ ᠨᠣᠮ ᠤᠩᠰᠢᠳᠠᠭ ᠨᠢᠭᠡᠨ᠂ ᠨᠣᠮ ᠪᠢᠴᠢᠳᠡᠭ | ᠨᠢᠭᠡᠨ ᠪᠠᠶᠢᠭᠰᠠᠨ ᠳᠠᠭᠠᠨ ᠪᠣᠯᠵᠠᠢ᠃ ᠵᠣᠯ ᠢᠶᠠᠷ ᠪᠢ ᠤᠷᠠᠨ ᠵᠢᠷᠤᠭ ᠤᠷᠠᠨ ᠪᠢᠴᠢᠯᠭᠡ ᠳᠤ ᠳᠤᠷ᠎ᠠ ᠲᠠᠢ᠂ ᠪᠠᠰᠠ ᠤᠷᠠᠨ ᠪᠢᠴᠢᠨ᠎ᠡ ᠭᠡᠵᠦ ᠡᠯᠳᠡᠪ ᠢᠶᠠᠷ ᠡᠷᠢᠶᠡᠴᠢᠳᠡᠭ | ᠨᠢᠭᠡᠨ᠃ | ᠪᠢᠷ ᠴᠠᠭᠠᠰᠤ ᠶᠢ ᠤᠰᠤ ᠴᠠᠰᠤ ᠮᠡᠲᠦ ᠦᠷᠡᠭᠡᠳᠡᠭ ᠴᠤ ᠤᠷᠠᠯᠢᠭ ᠲᠤ ᠰᠣᠭᠲᠣᠬᠤ ᠡᠴᠢᠨ᠎ᠡ ᠶᠢᠨ ᠵᠢᠷᠭᠠᠯ ᠢ ᠬᠡᠨ ᠲᠠᠢ ᠴᠤ ᠬᠤᠪᠢᠶᠠᠯᠴᠠᠮᠠᠷ ᠦᠭᠡᠢ ᠬᠠᠷᠠᠮᠴᠢ᠃ | | ᠵᠢᠷᠠ ᠭᠦᠷᠦᠯ᠎ᠡ᠂ ᠵᠢᠷᠠ ᠲᠠᠢ ᠪᠦᠰᠡᠭᠦᠢ ᠰᠦᠨᠡᠰᠦᠯᠢᠭ ᠪᠠᠶᠢᠬᠤ ᠰᠠᠶᠢᠬᠠᠨ᠃ | ᠰᠦᠨᠡᠰᠦᠯᠢᠭ ᠪᠦᠰᠡᠭᠦᠢ ᠤᠯᠠᠨ ᠢ ᠦᠵᠡᠵᠦ ᠣᠪᠣᠭ᠎ᠠ ᠶᠢ ᠥᠩᠭᠡᠷᠡᠭᠡᠭᠡᠳ ᠦᠯᠡᠮᠵᠢ ᠶᠢᠨ ᠰᠤᠷᠭᠠᠮᠵᠢ ᠦᠨᠡᠨ ᠲᠤᠷᠰᠢᠯᠭ᠎ᠠ ᠶᠢ ᠬᠤᠷᠠᠮᠳᠤᠭᠤᠯᠤᠭᠰᠠᠨ | ᠡᠷᠳᠡᠨᠢ ᠶᠢᠨ ᠬᠠᠶᠢᠷᠴᠠᠭ ᠪᠢᠯᠢᠦ᠃ ᠰᠦᠨᠡᠰᠦᠯᠢᠭ ᠪᠦᠰᠡᠭᠦᠢ ᠶᠢᠨ ᠨᠢᠳᠦ ᠨᠢ ᠲᠤᠩᠭᠠᠯᠠᠭ᠂ ᠣᠯᠠᠩᠬᠢ ᠦᠭᠡ ᠶᠢ ᠨᠢᠳᠦ ᠪᠠᠷ ᠢᠶᠠᠨ ᠬᠡᠯᠡᠵᠦ᠂ ᠶᠡᠬᠡᠩᠬᠢ ᠤᠴᠢᠷ ᠢ | ᠨᠢᠳᠦᠨ ᠳᠡᠭᠡᠨ ᠪᠠᠭᠲᠠᠭᠠᠵᠤ᠂ ᠪᠦᠭᠦ ᠶᠠᠪᠤᠳᠠᠯ ᠳᠤ ᠲᠠᠶᠢᠪᠤᠭᠤᠨ ᠠᠮᠤᠭᠤᠯᠠᠩ ᠬᠠᠨᠳᠤᠵᠤ᠂ ᠬᠤᠯᠠ ᠶᠢ ᠬᠠᠷᠠᠵᠤ ᠠᠯᠤᠰ ᠢ ᠳᠤᠷᠠᠨᠳᠠᠳᠠᠭ᠃ ᠰᠦᠨᠡᠰᠦᠯᠢᠭ | ᠪᠦᠰᠡᠭᠦᠢ ᠶᠢᠨ ᠬᠠᠮᠠᠷ ᠨᠢ ᠪᠡᠬᠡᠰ ᠤᠨ ᠦᠨᠦᠷ ᠡᠪᠡᠰᠦᠨ ᠤ ᠵᠠᠨᠠᠷ ᠲᠤ ᠨᠢᠭᠡᠨ᠎ᠡ ᠨᠠᠶᠢᠷᠠᠮᠳᠠᠭᠤ᠃ ᠵᠥᠭᠡᠢ ᠮᠡᠲᠦ ᠡᠷᠪᠡᠬᠡᠢ ᠠᠳᠠᠯᠢ᠂ ᠴᠡᠴᠡᠭ ᠤᠨ ᠠᠩᠬᠢᠯᠤᠮ᠎ᠠ | ᠦᠨᠦᠷ ᠢ ᠲᠠᠭᠠᠵᠤ ᠪᠠᠯ ᠴᠤᠭᠯᠠᠭᠤᠯᠤᠨ᠂ ᠨᠠᠶᠢᠷᠠᠭ ᠨᠡᠷᠡᠵᠦ ᠶᠠᠭᠠᠷᠠᠳᠠᠭ᠃ ᠰᠦᠨᠡᠰᠦᠯᠢᠭ ᠪᠦᠰᠡᠭᠦᠢ ︽ᠠᠮᠠᠨ ᠠᠴᠠ ᠪᠠᠨ ᠨᠢᠭᠡ ᠴᠦ ᠮᠠᠭᠤ ᠦᠭᠡ ᠶᠢ ᠪᠤᠤ ᠭᠠᠷᠭ᠎ᠠ᠂ | ᠬᠠᠷᠢᠨ ᠬᠥᠮᠥᠨ ᠢ ᠪᠣᠰᠬᠠᠨ ᠪᠠᠶᠢᠭᠤᠯᠬᠤ ᠳᠤ ᠲᠤᠰᠠ ᠪᠤᠯᠬᠤ ᠰᠠᠶᠢᠨ ᠢ ᠯᠠ ᠶᠠᠷᠢ᠂ ᠲᠡᠷᠡ ᠦᠭᠡ ᠴᠢᠨᠢ ᠰᠣᠨᠣᠰᠤᠭᠴᠢᠳ ᠲᠤ ᠢᠪᠡᠭᠡᠯ ᠢ ᠳᠠᠮᠵᠢᠭᠤᠯᠬᠤ ᠪᠣᠯᠣᠨ᠎ᠠ | ︾ ᠭᠡᠬᠦ ᠨᠣᠮ ᠤᠨ ᠤᠳᠬ᠎ᠠ ᠳᠤ ᠪᠣᠯᠪᠠᠰᠤᠷᠠᠨ᠂ ᠬᠡᠯᠡᠨ ᠤ ᠭᠡᠮ ᠢᠶᠠᠨ ᠠᠷᠢᠭᠤᠰᠬᠠᠵᠤ᠂ ᠦᠭᠡ ᠶᠢᠨ ᠬᠦᠴᠦᠨ ᠢ ᠪᠠᠳᠠᠷᠠᠭᠠᠨ ᠪᠠᠶᠢᠬᠤ ᠨᠢ ᠦᠵᠡᠰᠬᠦᠯᠡᠩᠲᠡᠢ᠂ | ᠦᠭᠡ ᠨᠢ ᠨᠡᠩ ᠢᠳᠡᠲᠡᠢ᠃ ᠡᠷᠲᠡᠨ ᠤ ᠨᠣᠮ ᠳᠤ᠄ ︽ᠡᠬᠢᠨ ᠳᠤ ᠦᠭᠡ ᠪᠠᠶᠢᠭᠰᠠᠨ ᠁ ᠪᠦᠭᠦ ᠶᠠᠭᠤᠮ᠎ᠠ ᠦᠭᠡ ᠪᠠᠷ ᠪᠦᠲᠦᠭᠰᠡᠨ ᠁︾ ᠭᠡᠵᠦ | ᠨᠣᠮᠯᠠᠭᠰᠠᠨ᠂ ᠪᠠᠶᠢᠭᠰᠠᠨ ᠪᠠᠶᠢᠭ᠎ᠠ ᠪᠠᠶᠢᠬᠤ ᠶᠢᠨ ᠥᠨᠢ ᠮᠥᠩᠬᠡ ᠶᠢᠨ ᠢᠷᠦᠭᠡᠯ ᠢ ᠤᠩᠰᠢᠯᠭ᠎ᠠ ᠪᠣᠯᠭᠠᠨ ᠦᠯᠡᠳᠡᠭᠡᠭᠰᠡᠨ ᠵᠢᠷᠠ ᠲᠠᠢ ᠪᠦᠰᠡᠭᠦᠢ ᠲᠡᠷᠡ ᠶᠣᠰᠣᠨ ᠢ | ᠲᠠᠭᠠᠳᠠᠭ᠃ | ᠰᠦᠨᠡᠰᠦᠯᠢᠭ ᠪᠦᠰᠡᠭᠦᠢ ᠶᠢᠨ ᠴᠢᠬᠢ ᠨᠢ ᠮᠥᠨ ᠰᠣᠷᠭᠤᠭ᠃ ᠲᠦᠷᠪᠡᠨ ᠲᠠᠯᠠᠢ ᠶᠢᠨ ᠱᠤᠤᠭᠢᠶᠠᠨ ᠢ ᠰᠣᠨᠣᠷᠳᠠᠵᠤ᠂ ᠲᠠᠪᠤᠨ ᠲᠢᠪ ᠤᠨ ᠰᠤᠷᠠᠭ ᠵᠠᠩᠭᠢ ᠳᠤ | ᠰᠡᠷᠭᠡᠭ᠂ ᠬᠠᠭᠠᠨ ᠬᠥᠭᠵᠢᠮ ᠤᠨ ᠬᠦᠩᠭᠢᠨᠡᠭᠡ᠂ ᠬᠠᠳᠤᠨ ᠠᠶᠠᠯᠭᠤ ᠶᠢᠨ ᠴᠤᠤᠷᠢᠶ᠎ᠠ᠂ ᠨᠡᠷᠡᠳᠦ ᠴᠢᠪᠬᠠᠳᠠᠰᠤ ᠶᠢᠨ ᠬᠠᠩᠭᠢᠨᠠᠭ᠎ᠠ᠂ ᠨᠠᠶᠢᠷᠠᠯ ᠳᠠᠭᠤᠤ ᠶᠢᠨ ᠢᠷᠠᠭᠤ | ᠠᠶ᠎ᠠ ᠰᠢᠯᠦᠭ ᠪᠣᠯᠵᠤ ᠨᠣᠲ ᠪᠣᠯᠵᠤ᠂ ᠰᠤᠳᠠᠯ ᠰᠢᠷᠪᠦᠰᠦ ᠰᠦᠭ ᠰᠦᠨᠡᠰᠦᠨ ᠳᠤᠨᠢ ᠤᠶᠠᠩᠭᠠᠷᠠᠨ᠎ᠠ᠃ ᠵᠢᠷᠠ ᠭᠦᠷᠦᠭᠰᠡᠨ᠂ ᠵᠦᠪᠭᠡᠨ ᠵᠢᠷᠠ ᠭᠦᠷᠦᠭᠰᠡᠨ ᠲᠡᠳᠦᠢ᠃ | ᠵᠢᠷᠠ ᠲᠠᠢ ᠪᠦᠰᠡᠭᠦᠢ ᠬᠥᠯ ᠬᠥᠩᠭᠡᠬᠡᠨ ᠪᠠᠶᠢᠬᠤ ᠤᠴᠢᠷᠲᠠᠢ᠃ ᠬᠤᠯᠠ ᠶᠠᠪᠤᠵᠤ ᠬᠤᠲᠠᠯᠠ ᠶᠢ ᠲᠣᠭᠤᠷᠢᠬᠤ ᠠᠶᠠᠯᠠᠯ ᠳᠤ ᠭᠠᠷᠬᠤ ᠶᠤᠮ᠃ ᠠᠩᠬ᠎ᠠ ᠤᠳᠠᠭ᠎ᠠ | ᠠᠭᠠᠷ ᠢᠶᠠᠷ ᠨᠢᠰᠴᠦ ᠮᠥᠷᠥᠭᠡᠳᠦᠯ ᠤᠨ ᠰᠢᠨᠵᠢᠶᠠᠩ ᠳᠤ ᠬᠦᠷᠴᠡᠢ᠃ ᠲᠡᠷᠡ ᠨᠢᠰᠬᠡᠯ ᠬᠥᠯ ᠢ ᠬᠥᠷᠥᠰᠥᠨ ᠳᠤ ᠬᠦᠷᠭᠡᠯ ᠦᠭᠡᠢ ᠵᠠᠢ ᠶᠢ ᠲᠣᠪᠴᠢᠯᠠᠵᠤ ᠵᠠᠮ ᠢ | ᠪᠣᠭᠤᠨᠢᠰᠬᠠᠭᠠᠳ ᠭᠤᠷᠪᠠᠭ᠋ᠠᠨ ᠴᠠᠭ ᠤᠨ ᠲᠠᠷᠠᠭ᠎ᠠ ᠰᠢᠨᠵᠢᠶᠠᠩ ᠤᠨ ᠠᠭᠤᠯᠠ ᠤᠰᠤᠨ ᠳᠤ ᠪᠠᠭᠤᠯᠭᠠᠭᠰᠠᠨ ᠶᠤᠮ᠂ ᠨᠢᠭᠡ ᠠᠭᠤᠯᠠᠨ ᠳᠤ ᠲᠦᠷᠪᠠᠨ ᠤᠯᠠᠷᠢᠯ | ᠡᠭᠡᠯᠵᠢᠯᠡᠵᠦ ᠪᠠᠶᠢᠭ᠎ᠠ ᠶᠢ ᠦᠵᠡᠬᠦ ᠳᠤ ᠰᠠᠶᠢᠬᠠᠨ᠂ ᠭᠦᠷᠳᠡᠭᠦ ᠳᠤ ᠭᠠᠶᠢᠬᠠᠮᠰᠢᠭᠲᠠᠢ᠃ ᠮᠥᠰᠥ ᠴᠠᠰᠤᠨ ᠤᠷᠭᠢᠯ ᠢ ᠨᠢ ᠪᠠᠷᠠᠯᠠᠵᠤ᠂ ᠮᠡᠯᠮᠡᠷᠡᠨ ᠤᠷᠤᠰᠬᠤ ᠬᠠᠶᠢᠯ ᠳᠤᠨᠢ | ᠪᠠᠶᠠᠰᠴᠤ᠂ ᠴᠡᠴᠡᠭ ᠨᠠᠪᠴᠢ ᠳᠡᠯᠭᠡᠷᠡᠭᠰᠡᠨ ᠬᠤᠷᠮᠣᠢ ᠳᠤᠨᠢ ᠬᠤᠷᠭᠤᠳᠠᠵᠤ᠂ ᠰᠠᠶᠢᠬᠠᠨ ᠰᠠᠶᠢᠷᠠᠮ ᠲᠠᠢ ᠤᠯᠠᠭᠠᠨ ᠨᠢᠭᠤᠷ ᠢᠶᠠᠷ ᠢᠶᠠᠨ ᠠᠭᠤᠯᠵᠠᠯ᠎ᠠ᠃ ᠴᠠᠬᠠᠷ | ᠴᠠᠶᠢᠯᠠᠯᠭ᠎ᠠ᠂ ᠣᠶᠢᠷᠠᠳ ᠲᠠᠶᠢᠯᠠᠯᠭ᠎ᠠ᠂ ᠣᠶᠢᠷ᠎ᠠ ᠳᠣᠲᠣᠨᠣ ᠬᠠᠷᠢᠯᠴᠠᠭ᠎ᠠ ᠶᠠᠪᠤᠯᠴᠠᠭ᠎ᠠ ᠬᠠᠨ ᠬᠤᠷᠸ᠎ᠠ ᠶᠢ ᠵᠢᠵᠢᠭᠷᠡᠭᠦᠯᠵᠦ ᠬᠠᠷᠢᠨ ᠵᠦᠪᠭᠡᠨ ᠵᠢᠷᠠ ᠲᠠᠢ ᠪᠢᠳᠡᠨᠦᠰ ᠯᠠ | ᠵᠢᠷᠭᠠᠯᠲᠠᠢ ᠭᠡᠮᠡᠷ ᠪᠠᠶᠢᠵᠠᠢ᠃ ᠲᠡᠷᠡ ᠬᠤᠯᠠ ᠶᠢᠨ ᠲᠡᠦᠬᠡ ᠨᠢ ᠲᠡᠷᠡ ᠴᠢᠭ ᠲᠡᠭᠡᠨ ᠬᠠᠯᠠᠭᠤᠬᠠᠨ ᠤᠷᠤᠮ ᠲᠠᠢ᠂ ᠲᠦᠷᠦ ᠶᠢᠨ ᠥᠬᠢᠳ ᠤᠨ ᠤᠯᠠᠭ᠎ᠠ ᠦᠷᠳᠡᠭᠡ᠂ | ᠲᠣᠷᠭᠠᠨ ᠵᠠᠮ ᠤᠨ ᠦᠨ᠎ᠡ ᠬᠠᠶᠠᠯᠴᠠᠭ᠎ᠠ᠂ ᠲᠡᠮᠡᠭᠡᠨ ᠵᠢᠩ ᠤᠨ ᠬᠤᠩᠬᠤᠨ ᠲᠠᠭᠤᠨ᠂ ᠪᠠᠰᠠ ᠰᠣᠳᠣᠨ ᠪᠡᠶᠡᠯᠡᠯ ᠰᠠᠪᠠᠷᠳᠠᠩ᠂ ᠦᠨᠦᠷ ᠥᠳᠬᠡᠨ ᠤᠷᠳᠤ ᠶᠢᠨ | ᠳᠠᠭᠤᠤ᠂ ᠴᠡᠭᠡᠵᠢ ᠰᠠᠶᠢᠲᠤ ᠶᠢᠨ ᠬᠠᠶᠢᠯᠳᠠᠭ ᠭᠡᠰᠡᠷ ᠵᠠᠩᠭᠠᠷ ᠭᠡᠳ ᠥᠨᠢᠷ ᠪᠠᠶᠠᠯᠢᠭ ᠰᠢᠨᠵᠢᠶᠠᠩ ᠤᠨ ᠥᠩᠭᠡ ᠦᠵᠡᠮᠵᠢ ᠦᠯᠢᠭᠡᠷ ᠲᠡᠦᠬᠡ᠂ ᠬᠥᠮᠥᠨ ᠵᠤᠨ ᠤ | ᠴᠠᠶᠢᠯᠭᠠᠨ ᠴᠠᠭᠠᠪᠤᠷ ᠤᠨ ᠠᠯᠢ ᠶᠢ ᠨᠢ ᠶᠠᠷᠢᠬᠤᠪ ᠳ᠋ᠠ᠃ | ᠠᠮᠵᠢᠭᠠᠳ ᠪᠠᠰᠠ ᠠᠯᠠᠱᠠ ᠳᠤ ᠭᠦᠷᠦᠯ᠎ᠡ᠂ ᠠᠯᠠᠱᠠ ᠸᠠᠩ ᠤᠨ ᠣᠷᠳᠣᠨ ᠤ ᠪᠣᠱᠤᠭ᠎ᠠ ᠶᠢ ᠬᠥᠯ ᠬᠥᠩᠭᠡᠬᠡᠨ ᠠᠯᠬᠤᠨ᠂ ᠡᠷᠲᠡ ᠡᠳᠦᠭᠡ ᠶᠢ ᠨᠢ ᠰᠡᠬᠦᠵᠦ | ᠵᠠᠬ᠎ᠠ ᠵᠤᠬᠠᠰ ᠠᠴᠠ ᠴᠤ ᠭᠡᠰᠡᠨ ᠣᠶᠢᠯᠠᠭᠠᠨ᠂ ᠸᠠᠩ ᠤᠨ ᠬᠠᠳᠤᠨ ᠰᠧᠪᠡᠯᠮᠡ ᠶᠢᠨ ᠥᠰᠴᠦ ᠲᠦᠷᠦᠭᠰᠡᠨ ᠭᠠᠵᠠᠷ ᠰᠢᠷᠣᠢ ᠳᠡᠭᠡᠷ᠎ᠡ ᠤᠯᠠ ᠮᠥᠷ ᠢ ᠨᠢ ᠬᠠᠶᠢᠵᠤ᠂ | ᠬᠤᠯᠠ ᠮᠣᠷᠳᠠᠭᠰᠠᠨ ᠨᠠᠪᠴᠢ ᠭᠦᠩᠵᠦ ᠶᠢᠨ ᠰᠠᠨᠠᠯ ᠮᠥᠷᠥᠭᠡᠳᠦᠯ ᠢ ᠮᠡᠳᠡᠷᠡᠨ᠂ ᠭᠤᠷᠪᠠᠨ ᠮᠢᠩᠭᠠᠨ ᠣᠨ ᠤ ᠡᠮᠦᠨᠡᠬᠢ ᠲᠣᠣᠷᠠᠢ ᠶᠢᠨ ᠪᠣᠯᠵᠤᠭ᠎ᠠ ᠳᠤ ᠵᠠᠪᠳᠤᠭᠠᠳ | ᠣᠴᠢᠭᠰᠠᠨ ᠨᠢ ᠮᠥᠨ ᠵᠣᠯ ᠵᠠᠪᠰᠢᠶᠠᠨ᠃ | ᠵᠢᠷᠠ ᠭᠦᠷᠦᠯ᠎ᠡ᠂ ᠵᠠᠪᠳᠤᠭᠠᠳ ᠬᠢᠬᠦ ᠪᠠᠨ ᠬᠢᠵᠦ ᠪᠠᠶᠢᠬᠤ ᠨᠢ ᠵᠥᠪ᠃ | ᠵᠢᠷᠠ ᠲᠠᠢ ᠪᠦᠰᠡᠭᠦᠢ ᠶᠢᠨ ᠭᠠᠷ ᠪᠤᠰᠢᠭᠤ᠂ ᠬᠤᠷᠤᠭᠤᠳ ᠨᠢ ᠤᠷᠠᠨ᠃ ᠵᠢᠷᠠ ᠲᠠᠢ ᠪᠦᠰᠡᠭᠦᠢ ᠶᠡᠷᠦ ᠨᠢ ᠬᠡᠯᠡᠬᠦ ᠶᠢᠨ ᠣᠷᠣᠨ ᠳᠤ ᠬᠢᠵᠦ ᠪᠡᠶᠡᠯᠡᠭᠦᠯᠴᠢᠬᠡᠳᠡᠭ᠃ | ᠣᠮᠪᠣᠯᠣ ᠬᠠᠷᠠᠬᠤ ᠳᠤ ᠮᠡᠷᠭᠡᠰᠢᠭᠰᠡᠨ᠂ ᠤᠮᠳᠠ ᠬᠤᠭᠤᠯᠠ ᠲᠣᠬᠢᠷᠠᠭᠤᠯᠬᠤ ᠳᠠᠭᠠᠨ ᠲᠤᠰᠬᠠᠶᠢᠵᠢᠭᠰᠠᠨ᠂ ᠬᠤᠪᠴᠠᠰᠤ ᠬᠤᠨᠠᠷ ᠤᠬᠢᠶᠠᠬᠤ ᠳᠠᠭᠠᠨ ᠭᠠᠷᠰᠢᠭᠰᠠᠨ᠂ | ᠭᠡᠷ ᠭᠠᠳᠠᠨᠠᠬᠢ ᠶᠢ ᠴᠠᠭ ᠲᠤᠨᠢ ᠠᠮᠵᠢᠭᠤᠯᠴᠢᠬᠠᠳᠠᠭ ᠨᠢ ᠬᠡᠴᠡᠭᠦᠦ᠃ ᠡᠷᠲᠡ ᠪᠣᠰᠴᠤ ᠣᠷᠣᠢ ᠤᠨᠲᠠᠬᠤ ᠪᠠᠷ ᠵᠢᠷᠠ ᠲᠠᠢ ᠪᠦᠰᠡᠭᠦᠢ ᠳᠤ ᠡᠳᠦᠷ ᠠᠭᠠᠵᠢᠭᠤ᠂ ᠰᠥᠨᠢ | ᠲᠡᠨᠢᠭᠦᠬᠡᠨ᠃ ᠶᠠᠪᠤᠳᠠᠯ ᠬᠢᠳᠡᠯ ᠤᠨ ᠵᠠᠪᠰᠠᠷ ᠥᠭᠡᠳᠡ ᠤᠷᠤᠭᠤ ᠵᠠᠮᠨᠠᠬᠤ ᠶᠢᠨ ᠬᠤᠷᠣᠮ ᠳᠤ ᠠᠯᠳᠠ ᠮᠥᠩᠭᠦᠨ ᠳᠡᠯᠭᠡᠭᠦᠷ ᠢᠶᠠᠷ ᠪᠠᠭᠤᠵᠤ᠂ ᠪᠠᠭᠤᠤ ᠪᠦᠭᠡᠵᠢ | ᠰᠣᠩᠭᠤᠬᠤ ᠳᠠᠭᠠᠨ ᠴᠢᠳᠠᠮᠠᠭᠠᠢ᠂ ᠣᠨᠴᠠᠭᠠᠶᠢᠯᠠᠨ ᠪᠣᠭᠴᠣ ᠦᠵᠡᠪᠡᠯ ᠠᠪᠳᠠᠭ ᠯᠠ ᠵᠠᠩᠰᠢᠯ ᠲᠠᠢ᠃ ᠥᠪᠡᠷ ᠪᠢ ᠪᠠᠨ ᠴᠡᠪᠡᠷ ᠴᠡᠮᠴᠡᠭᠡᠷ ᠭᠤᠶᠣᠯᠠᠬᠤ ᠳᠠᠭᠠᠨ ᠬᠡᠨ ᠢ | ᠴᠤ ᠭᠠᠷᠲᠠᠭᠠᠵᠤ ᠮᠡᠳᠡᠬᠦ ᠪᠠᠭᠰᠢᠲᠠᠨ᠃ ᠪᠣᠯᠤᠮᠠᠷ ᠬᠡᠳᠦᠨ ᠪᠦᠰᠡᠭᠦ᠋ᠢᠴᠦᠳ ᠲᠠᠢ ᠪᠠᠨ ᠬᠡᠵᠢᠶ᠎ᠡ ᠨᠢᠭᠡ ᠪᠣᠯᠵᠣᠪᠠᠯ ᠬᠥᠭᠯᠡᠭᠰᠡᠨ ᠬᠡᠷᠡᠭ ᠠ᠋᠂ ᠠᠭᠤᠯᠵᠠᠬᠤ ᠠᠴᠠ ᠰᠠᠯᠬᠤ | ᠭᠦᠷᠳᠡᠯ᠎ᠡ ᠨᠢᠭᠡ ᠯᠠ ᠭᠦᠭ ᠲᠡᠭᠡᠨ ᠪᠠᠶᠠᠷ ᠭᠦᠷ ᠢᠶᠠᠷ ᠪᠢᠯᠬᠠᠷᠠᠮᠠ᠃ ᠬᠡᠳᠦᠨ ᠬᠥᠮᠥᠨ ᠪᠠᠶᠢᠪᠠᠯ ᠬᠡᠳᠦᠭᠦᠯᠡ ᠶᠠᠭᠠᠷᠠᠵᠤ᠂ ᠬᠡᠴᠢᠨᠡᠨ ᠬᠤᠨᠤᠭ ᠤᠨ ᠬᠥᠷᠥᠩᠭᠡᠰᠢᠭᠰᠡᠨ | ᠦᠭᠡᠰ ᠢᠶᠠᠨ ᠥᠭᠦᠯᠡᠷᠦᠨ᠂ ᠬᠡᠨ ᠨᠢ ᠰᠣᠨᠣᠰᠴᠤ ᠬᠡᠨ ᠳᠡᠭᠡᠨ ᠰᠣᠨᠣᠰᠬᠠᠵᠤ ᠪᠠᠶᠢᠬᠤ ᠪᠠᠨ ᠮᠡᠳᠡᠬᠦ ᠦᠭᠡᠢ ᠬᠦᠦᠷᠨᠢᠯᠳᠦᠨ᠎ᠡ᠃ ᠢᠯᠠᠩᠭᠤᠶ᠎ᠠ ᠣᠷᠣᠯᠳᠣᠯᠭ᠎ᠠ ᠰᠠᠶᠢᠲᠠᠢ | ᠵᠢᠷᠠ ᠭᠦᠷᠦᠭᠰᠡᠨ ᠪᠦᠰᠡᠭᠦᠢ ᠭᠡᠳᠡᠭ ᠴᠢᠨᠢ ᠨᠢᠭᠡ ᠪᠤᠳᠠ ᠤᠳ᠋ᠪᠠᠯ᠎ᠠ᠂ ᠨᠢᠭᠡ ᠪᠤᠳᠤᠩ ᠲᠠᠷᠠᠰᠤᠨ᠂ ᠨᠢᠭᠡ ᠳᠡᠪᠲᠡᠷ ᠵᠤᠵᠠᠭᠠᠨ ᠨᠣᠮ ᠭᠡᠰᠡᠨ ᠦᠭᠡ᠃ ᠡᠨᠡ ᠬᠦ | ᠵᠤᠵᠠᠭᠠᠨ ᠨᠣᠮ ᠢ ᠲᠡᠳᠡ ᠵᠢᠷᠠᠨ ᠵᠢᠯ ᠤᠨ ᠲᠤᠷᠰᠢ ᠪᠢᠴᠢᠵᠦ ᠨᠠᠶᠢᠷᠠᠭᠤᠯᠤᠭᠰᠠᠨ ᠶᠤᠮ᠃ ᠨᠣᠮ ᠤᠨ ᠳᠣᠲᠣᠷ᠎ᠠ ᠵᠢᠷᠠ ᠲᠠᠢ ᠪᠦᠰᠡᠭᠦᠢ ᠶᠢᠨ ᠲᠤᠭᠤᠯᠵᠤ ᠢᠷᠡᠭᠰᠡᠨ | ᠠᠮᠢᠳᠤᠷᠠᠯ ᠪᠤᠢ᠂ ᠵᠢᠳᠬᠦᠵᠦ ᠶᠠᠪᠤᠭᠰᠠᠨ ᠦᠢᠯᠡᠰ ᠪᠤᠢ᠂ ᠪᠢᠴᠢᠵᠦ ᠵᠢᠷᠤᠭᠰᠠᠨ ᠪᠦᠲᠦᠭᠡᠯ ᠤᠳ ᠪᠤᠢ᠃ ᠪᠦᠲᠦᠭᠡᠯ ᠤᠳ ᠨᠢ ᠬᠥᠮᠥᠨ ᠲᠦᠷᠦᠭᠰᠡᠤᠨ ᠤᠨ ᠰᠣᠶᠣᠯ | ᠲᠡᠦᠬᠡ ᠳᠤ ᠬᠤᠪᠢ ᠨᠡᠮᠡᠷᠢ ᠪᠣᠯᠵᠤ᠂ ᠦᠷ᠎ᠡ ᠠᠴᠢ ᠨᠠᠷ ᠲᠤᠨᠢ ᠥᠪ ᠬᠥᠷᠥᠩᠭᠡ ᠪᠣᠯᠵᠤ᠂ ᠥᠪᠡᠷ ᠪᠢ ᠳᠤᠨᠢ ᠡᠷᠭᠢᠴᠡᠭᠦᠯᠦᠯ ᠪᠤᠯᠳᠠᠭ ᠠ᠋᠃ | ᠵᠢᠷᠠ ᠬᠦᠷᠬᠦ ᠳᠤ ᠶᠠᠭᠠᠬᠢᠬᠤᠪ᠂ ᠵᠦᠪᠭᠡᠨ ᠵᠢᠷᠠ ᠭᠦᠷᠦᠭᠰᠡᠨ ᠲᠡᠳᠦᠢ᠃ | ᠭᠡᠬᠦ ᠳᠤ ᠵᠢᠷᠠ ᠲᠠᠢ ᠪᠦᠰᠡᠭᠦᠢ ᠬᠠᠶᠠ ᠪᠠᠰᠠ ᠰᠠᠨᠠᠯ ᠮᠥᠷᠥᠭᠡᠳᠦᠯ ᠳᠤ ᠤᠨᠠᠳᠠᠭ ᠴᠤ ᠪᠢᠯᠡ᠃ ᠢᠨᠠᠭ ᠳᠣᠲᠣᠨᠣ ᠬᠠᠶᠢᠷ᠎ᠠ ᠬᠠᠶᠢᠷ᠎ᠠ ᠶᠢᠨ ᠴᠤᠤᠷᠢᠶ᠎ᠠ᠂ ᠦᠶ᠎ᠡ | ᠦᠶ᠎ᠡ ᠣᠶᠢᠷᠠᠲᠤᠨ ᠬᠡᠰᠡᠭ ᠬᠡᠰᠡᠭ ᠬᠤᠯᠠᠳᠠᠪᠠᠴᠤ ᠪᠢᠯᠢᠭ ᠠᠪᠬᠠᠯᠵᠢ ᠡᠭᠡᠨᠡᠭᠲᠡ ᠳᠡᠯᠭᠡᠷᠡᠬᠦ ᠳᠤ᠂ ᠪᠠᠳᠠᠭ ᠰᠢᠯᠦᠭ ᠱᠠᠳ ᠳᠠᠷᠠᠭᠠᠯᠠᠵᠤ ᠪᠠᠭᠤᠬᠤ᠂ ᠤᠷᠳᠤ ᠵᠣᠬᠢᠶᠠᠯ | ᠤᠳᠬ᠎ᠠ ᠥᠳᠬᠡᠷᠡᠨ ᠪᠠᠭᠤᠬᠤ᠂ ᠠᠮᠢᠳᠤᠷᠠᠯ ᠪᠠᠶᠢᠭᠠᠯᠢ ᠥᠩᠭᠡ ᠢᠯᠭᠠᠷᠠᠨ ᠪᠠᠭᠤᠬᠤ᠂ ᠡᠨᠡ ᠬᠤᠷᠸ᠎ᠠ ᠡᠰᠡᠨᠢᠯ ᠲᠥᠯᠵᠢᠯ ᠢᠶᠠᠷ ᠳᠦᠷᠡᠯᠵᠡᠵᠦ᠂ ᠵᠢᠷᠠ ᠲᠠᠢ | ᠪᠦᠰᠡᠭᠦᠢ ᠶᠢᠨ ᠵᠢᠷᠭᠠᠯ ᠲᠠᠢ ᠠᠮᠢᠳᠤᠷᠠᠯ ᠳᠤ ᠪᠠᠶᠠᠷ ᠪᠠᠭ᠋ᠠᠳᠤᠯ ᠴᠡᠩᠬᠡᠷ ᠪᠣᠷᠤᠭ᠎ᠠ ᠰᠢᠭ᠋ ᠱᠠᠭᠢᠵᠤ ᠰᠡᠳᠬᠢᠯ ᠵᠢᠷᠦᠬᠡ ᠶᠢ ᠨᠢ ᠤᠮᠳᠠᠯᠠᠨ᠎ᠠ᠃ ᠬᠠᠶᠠ ᠨᠢᠭᠡ ᠡᠪᠦᠭᠡᠨ᠂ | ᠵᠠᠷᠢᠮ ᠨᠢᠭᠡ ᠢᠳᠡᠷ ᠡᠷ᠎ᠡ᠂ ᠲᠤᠩ ᠬᠤᠪᠣᠷᠬᠠᠨ ᠳᠠᠭᠠᠨ ᠠᠯᠢ ᠨᠢᠭᠡ ᠵᠠᠯᠠᠭᠤ᠂ ᠵᠢᠷᠠ ᠲᠠᠢ ᠪᠦᠰᠡᠭᠦᠢ ᠳᠤ ᠶᠠᠭᠤ ᠨᠢᠭᠡ ᠶᠢ ᠶᠠᠷᠢᠵᠤ᠂ ᠤᠬᠠᠭᠠᠨ ᠠᠯᠳᠠᠭᠤᠯᠳᠠᠭ | ᠤᠳᠠᠭ᠎ᠠ ᠴᠤ ᠪᠤᠢ᠃ ᠭᠡᠬᠦ ᠳᠤ ᠵᠢᠷᠠ ᠲᠠᠢ ᠪᠦᠰᠡᠭᠦᠢ ᠬᠠᠷᠢᠨ ᠠᠷᠪᠠᠨ ᠨᠠᠢᠮᠠ ᠲᠠᠢ ᠥᠬᠢᠨ ᠰᠢᠭ ᠪᠦᠱᠦᠭᠦᠷᠭᠡᠳᠡᠭ ᠴᠤ ᠦᠭᠡᠢ ᠰᠠᠨᠳᠤᠷᠳᠠᠭ ᠴᠤ ᠦᠭᠡᠢ᠂ ᠭᠦᠨ | ᠤᠰᠤᠨ ᠮᠡᠲᠦ ᠲᠠᠶᠢᠪᠤᠩ ᠠᠮᠤᠭᠤᠯᠠᠩ ᠰᠠᠭᠠᠲᠠᠭᠠᠳ ᠥᠨᠳᠥᠷ ᠰᠡᠨᠳᠠᠢ ᠳᠤ ᠡᠷᠬᠢᠮᠰᠦᠭ ᠶᠡᠬᠡᠮᠰᠦᠭ ᠳᠦᠷᠢᠯᠡᠨᠡ᠃ ᠭᠡᠯᠡ ᠴᠤ ᠭᠡᠰᠡᠨ ᠪᠠᠰᠠ ᠰᠠᠯᠬᠢᠨ ᠤ | ᠦᠨᠦᠰᠦᠯᠲᠡ ᠬᠠᠴᠠᠷ ᠱᠦᠷᠭᠦᠭᠡᠨ ᠥᠩᠭᠡᠷᠡᠬᠦ ᠳᠤ᠂ ︽ᠴᠢᠨᠦ ᠠᠨᠢᠷ ᠢ ᠠᠪᠴᠢᠷᠠᠭᠰᠠᠨ ᠶᠤᠮ ᠦᠦ᠂ ᠴᠢᠮ᠎ᠠ ᠲᠠᠢ ᠠᠭᠤᠯᠵᠠᠭᠰᠠᠨ ᠮᠡᠲᠦ ᠪᠤᠯᠳᠠᠭ ᠮᠢᠨᠢ ᠶᠠᠭᠤ ᠪᠢᠯᠡ︾ | ᠭᠡᠵᠦ ᠬᠡᠢ ᠪᠤᠳᠤᠨ᠎ᠠ᠃ | ᠲᠡᠷᠡ ᠰᠡᠳᠬᠢᠯᠭᠡᠨ ᠤ ᠶᠢᠷᠲᠢᠨᠴᠦ ᠶᠢᠨ ᠭᠦᠨ ᠨᠠᠷᠢᠨ ᠢ ᠠᠷᠠᠳ ᠤᠨ ᠳᠠᠭᠤᠤ ᠪᠠᠷ ᠢᠯᠡᠳᠬᠡᠬᠦ ᠳᠤ ᠴᠤ ᠪᠠᠭᠠᠳᠠᠮᠠᠷ᠂ ᠲᠡᠷᠡᠬᠦ ᠤᠶᠤᠨ ᠮᠡᠳᠡᠯ ᠤᠨ ᠭᠦᠨ ᠤ | ᠭᠦᠨ ᠳᠤ ᠭᠦᠪᠪᠤᠨ ᠲᠤᠨᠤᠬᠤ ᠢᠷᠠᠭᠤ ᠰᠠᠶᠢᠬᠠᠨ ᠢ ᠵᠦᠪᠭᠡᠨ ᠰᠡᠷᠡᠯ ᠮᠡᠳᠡᠷᠡᠮᠵᠢ ᠪᠠᠷ ᠤᠬᠠᠨᠠ᠃ | ᠬᠠᠶᠢᠷ᠎ᠠ ᠪᠣᠯ ᠮᠥᠬᠦᠰᠢ ᠦᠭᠡᠢ᠂ ᠬᠠᠶᠢᠷ᠎ᠠ ᠪᠣᠯ ᠮᠥᠩᠬᠡ ᠶᠢᠨ᠃ ᠵᠢᠷᠠ ᠲᠠᠢ ᠪᠦᠰᠡᠭᠦᠢ ᠶᠢᠨ ᠬᠠᠶᠢᠷ᠎ᠠ ᠭᠡᠳᠡᠭ ᠡᠯᠡᠰᠦᠨ ᠳᠡᠭᠡᠷ᠎ᠡ ᠰᠠᠴᠤᠭᠰᠠᠨ ᠪᠤᠳᠠᠭ᠎ᠠ ᠪᠢᠰᠢ᠂ | ᠲᠡᠨᠡᠭᠳᠡᠵᠦ ᠬᠡᠨ ᠬᠥᠮᠥᠨ ᠲᠠᠢ ᠰᠠᠶᠢᠮᠰᠤᠷᠬᠠᠳᠠᠭ ᠭᠤᠯᠤᠰᠢ ᠪᠢᠰᠢ᠂ ᠬᠠᠷᠢᠨ ᠠᠷᠢᠭᠤᠨ ᠨᠢ ᠤᠰᠤᠨ ᠯᠤᠭ᠎ᠠ ᠦᠯᠢᠭᠡᠷᠯᠡᠮᠡᠷ᠂ ᠱᠠᠩᠳᠠᠭᠤᠨ ᠨᠢ ᠲᠤᠰᠤᠨ ᠯᠤᠭ᠎ᠠ | ᠠᠳᠠᠯᠢᠳᠬᠠᠮᠠᠷ ᠭᠬᠢᠷ ᠦᠭᠡᠢ᠂ ᠬᠤᠯᠢᠴᠠ ᠦᠭᠡᠢ᠃ | ᠵᠢᠷᠠ ᠬᠦᠷᠬᠦ ᠳᠤ ᠶᠠᠭᠠᠬᠢᠬᠤᠪ᠂ ᠵᠦᠪᠭᠡᠨ ᠵᠢᠷᠠ ᠭᠦᠷᠦᠭᠰᠡᠨ ᠲᠡᠳᠦᠢ᠃ | ᠵᠢᠷᠠ ᠲᠠᠢ ᠪᠦᠰᠡᠭᠦᠢ ᠶᠢᠨ ᠠᠮᠢ ᠠᠮᠢᠵᠢᠷᠠᠯ ᠵᠠᠭᠤ ᠬᠤᠷᠢᠨ ᠨᠠᠰᠤᠨ ᠥᠭᠡᠳᠡ ᠲᠡᠮᠡᠦᠯᠬᠦᠢ᠃ | |