ᠵᠤᠤ ᠬᠤᠩ ᠡᠦ
ᠨᠡᠶᠢᠲᠡᠯᠡᠭᠰᠡᠨ ᠴᠠᠭ᠄
2025/3/11
     ᠵᠤᠤ ᠬᠤᠩ ᠡᠦ ︵1914 -1944 ︶     ᠵᠤᠤ ᠬᠤᠩ ᠡᠦ ᠂ ᠤᠤᠯ ᠨᠡᠷ᠎ᠡ ᠨᠢ ᠵᠤᠤ ᠹᠧᠩ ᠡᠦ᠂ ᠡᠷᠡᠭᠲᠡᠶ᠂ ᠬᠢᠲᠠᠳ ᠦᠨᠳᠦᠰᠦᠲᠡᠨ᠂ 1914 ᠣᠨ ᠳᠤ ᠴᠧᠩᠳᠧ ᠰᠢᠶᠠᠨ ᠤ ᠰᠠᠨ ᠵᠢᠶᠠ ᠰᠢᠶᠠᠩ ᠤᠨ ᠾᠧ ᠵᠢᠶᠠ ᠲᠣᠰᠬᠤᠨ ᠳᠤ ᠲᠥᠷᠥᠵᠡᠢ᠃ ᠠᠬ᠎ᠠ ᠳᠡᠭᠦᠦ ᠭᠤᠷᠪᠠᠭᠤᠯᠠ᠂ ᠬᠤᠩ ᠡᠦ ᠬᠠᠮᠤᠭ ᠶᠡᠭᠡ ᠨᠢ ᠪᠠᠶᠢᠵᠠᠶ᠂ ᠬᠠᠷ᠎ᠠ ᠪᠠᠭ᠎ᠠ ᠠᠴᠠ ᠨᠢ ᠠᠪᠠᠭ᠎ᠠ ᠡᠵᠢ ᠳᠤᠨᠢ ᠥᠭᠴᠦ ᠦᠷᠡᠴᠢᠯᠡᠭᠦᠯᠵᠡᠶ᠃     1941 ᠣᠨ ᠳᠤ ᠰᠠᠨ ᠵᠢᠶᠠ ᠼᠦᠨ ᠲᠣᠰᠬᠤᠨ ᠤ ᠬᠠᠭᠤᠷᠮᠠᠭ ᠴᠠᠭᠳᠠᠭ᠎ᠠ ᠶᠢᠨ ᠬᠤᠪᠢᠶᠠᠷᠢ ᠭᠠᠵᠠᠷ ᠥᠪᠡᠷ ᠢ ᠪᠠᠨ ᠬᠠᠮᠠᠭᠠᠯᠠᠬᠤ ᠬᠤᠷᠢᠶ᠎ᠠ ᠶᠢᠨ ᠭᠡᠰᠢᠭᠦᠨ ᠢᠶᠠᠷ ᠶᠠᠪᠤᠵᠤ ᠬᠤᠶᠠᠷ ᠰᠠᠷ᠎ᠠ ᠶᠢᠨ ᠳᠠᠷᠠᠭ᠎ᠠ ᠬᠤᠪᠢᠰᠬᠠᠯ ᠳᠤ ᠣᠷᠣᠯᠴᠠᠵᠤ ᠨᠠᠶ᠋ᠮᠠᠨ ᠵᠠᠮ ᠤᠨ ᠴᠡᠷᠢᠭ ᠲᠤ ᠣᠷᠣᠪᠠ᠃      1942 ᠣᠨ ᠳᠤ ᠴᠧᠩᠳᠧ ᠶᠢᠨ ᠶᠠᠫᠣᠨ ᠢ ᠡᠰᠡᠷᠭᠦᠴᠡᠬᠦ ᠵᠠᠰᠠᠭ ᠤᠨ ᠣᠷᠳᠣᠨ ᠤ ᠭᠤᠷᠪᠠᠳᠤᠭᠠᠷ ᠲᠣᠭᠤᠷᠢᠭ ᠤᠨ ᠫᠠᠷᠲ᠋ᠢᠽᠠᠨ ᠠᠩᠭᠢ ᠶᠢᠨ ᠳᠠᠷᠤᠭ᠎ᠠ ᠶᠢᠨ ᠲᠤᠰᠢᠶᠠᠯ ᠢ ᠬᠠᠷᠢᠭᠤᠴᠠᠵᠤ 70 ᠭᠠᠷᠤᠶ ᠬᠥᠮᠦᠨ ᠢ ᠳᠠᠭᠠᠭᠤᠯᠤᠨ ᠴᠧᠩᠳᠧ᠂ ᠫᠢᠡᠭᠴᠢᠦᠸᠠᠨ᠂ ᠨᠢᠩᠴᠧᠩ ᠣᠷᠴᠢᠮ ᠢᠶᠠᠷ ᠠᠶᠠᠯᠠᠨ ᠪᠠᠶᠢᠯᠳᠤᠪᠠ᠃     1943 ᠣᠨ ᠳᠤ ᠵᠣᠣ ᠬᠤᠩ ᠡᠦ ᠂ ᠵᠢᠢ ᠬᠤᠩ ᠡᠸ᠋ᠨ᠂ ᠬᠤᠤ ᠷᠦᠢ ᠲᠢᠩ  ᠤᠨ ᠫᠠᠷᠲ᠋ᠢᠽᠠᠨ ᠠᠩᠬᠢ ᠲᠤᠬᠠᠶ ᠶᠢᠨ ᠭᠠᠵᠠᠷ ᠤᠨ ᠤᠯᠠᠭᠠᠨ ᠵᠢᠳᠠᠲᠤ ᠡᠪᠯᠡᠯ ᠲᠠᠢ ᠬᠠᠮᠲᠤᠷᠠᠨ᠂ ᠪᠤᠷᠬᠠᠨᠲᠤ ᠰᠠᠨ ᠴᠠ ᠺᠧᠤ ᠶᠢᠨ ᠬᠠᠭᠤᠷᠮᠠᠭ ᠴᠠᠭᠳᠠᠭ᠎ᠠ ᠶᠢᠨ ᠭᠠᠵᠠᠷ ᠢ ᠭᠡᠨᠡᠳᠡᠭᠦᠯᠦᠨ ᠳᠠᠭᠠᠷᠢᠵᠤ ᠨᠢᠭᠡ ᠪᠦᠯᠦᠭ ᠳᠠᠷᠢ ᠰᠤᠮᠤ ᠣᠯᠵᠠᠯᠠᠭᠰᠠᠨ ᠪᠠᠶᠢᠨ᠎ᠠ᠃     1944 ᠣᠨ ᠤ 2 ᠰᠠᠷ᠎ᠠ ᠶᠢᠨ 6 ᠤ ᠡᠳᠦᠷ ᠵᠤᠤ ᠬᠤᠩ ᠡᠦ ᠪᠠᠰᠠ ᠴᠧᠨ ᠭᠧ ᠶᠢᠨ ᠳᠠᠭᠠᠭᠤᠯᠤᠭᠰᠠᠨ ᠬᠤᠤ ᠷᠦᠢ ᠲᠢᠩ ᠫᠠᠷᠲ᠋ᠢᠽᠠᠨ ᠴᠡᠷᠢᠭ  ᠲᠠᠢ ᠬᠠᠮᠲᠤ ᠫᠢᠩ ᠴᠢᠤᠸᠠᠨ ᠬᠤᠶᠢᠲᠤ ᠶᠢᠩᠳᠤᠤᠷ ᠤᠨ ᠭᠤᠤ ᠶᠢᠨ ᠬᠠᠭᠤᠷᠮᠠᠭ ᠴᠠᠭᠳᠠᠭ᠎ᠠ ᠰᠠᠭᠤᠵᠤ ᠪᠠᠶᠢᠭ᠎ᠠ ᠭᠠᠵᠠᠷ ᠢ ᠭᠡᠨᠡᠳᠡᠭᠦᠯᠦᠨ ᠳᠠᠭᠠᠷᠢᠵᠤ᠂ 7 ᠴᠠᠭᠳᠠᠭ᠎ᠠ ᠠᠯᠠᠵᠤ 20 ᠭᠠᠷᠤᠶ ᠶᠠᠪᠠᠭᠠᠨ ᠫᠤᠤ ᠰᠤᠮᠤ ᠳᠠᠷᠢ ᠪᠠ ᠪᠤᠰᠤᠳ ᠡᠳ᠋ ᠪᠣᠳᠠᠰ ᠣᠯᠵᠠᠯᠠᠵᠠᠶ᠃     ᠶᠢᠩᠳᠤᠤᠷ ᠤᠨ ᠭᠤᠤ ᠶᠢᠨ ᠪᠠᠶᠢᠯᠳᠤᠭᠠᠨ ᠤ ᠳᠠᠷᠠᠭ᠎ᠠ᠂ ᠵᠣᠣ ᠬᠤᠩ ᠡᠦ ᠴᠡᠷᠢᠭ ᠢᠶᠠᠨ ᠳᠠᠭᠠᠭᠤᠯᠵᠤ ᠤᠮᠠᠷᠠᠰᠢ ᠶᠠᠫᠣᠨ ᠢ ᠡᠰᠡᠷᠭᠦᠴᠡᠬᠦ ᠰᠠᠭᠤᠷᠢᠨ ᠭᠠᠵᠠᠷ ᠪᠤᠷᠭᠠᠰᠤᠲᠠᠢ᠂ ᠭᠤᠸᠠᠨ ᠼᠠᠢ ᠭᠧᠦ ᠵᠦᠭ ᠳᠠᠶᠢᠯᠠᠵᠠᠢ᠃ ᠡᠨᠡ ᠦᠶ᠎ᠡ ᠳᠤ ᠲᠡᠷᠡ ᠳᠠᠶᠢᠴᠢᠨ ᠬᠠᠨᠢ ᠴᠧᠨ ᠭᠧ ᠪᠠ ᠬᠤᠤ ᠷᠦᠢ ᠲᠢᠩ ᠤᠨ ᠪᠡᠶ᠎ᠡ ᠦᠷᠡᠭᠳᠡᠭᠰᠡᠨ ᠴᠢᠮᠡᠭᠡ ᠶᠢ ᠰᠣᠨᠣᠰᠴᠤ ᠶᠡᠬᠡᠳᠡ ᠠᠭᠤᠷᠯᠠᠨ᠂ ᠭᠠᠭᠴᠠ ᠰᠡᠳᠬᠢᠯ ᠢᠶᠠᠷ ᠦᠰᠢᠶ᠎ᠡ ᠠᠪᠴᠤ ᠥᠭᠬᠦ ᠶᠢ ᠪᠣᠳᠣᠵᠠᠢ᠃ ᠲᠡᠷᠡ ᠪᠤᠷᠬᠠᠨᠲᠤ ᠶᠢᠨ ᠬᠠᠭᠤᠷᠮᠠᠭ ᠴᠠᠭᠳᠠᠭᠠᠨ ᠤ ᠭᠠᠵᠠᠷ ᠲᠤ ᠵᠠᠬᠢᠳᠠᠯ ᠪᠢᠴᠢᠵᠦ᠂ ᠭᠤᠸᠠᠨ ᠼᠠᠢ ᠭᠧᠤ ᠳᠤ ᠰᠢᠶ᠋ᠳᠪᠦᠷᠢᠲᠦ ᠪᠠᠶᠢᠯᠳᠤᠭᠠᠨ ᠬᠢᠬᠦ ᠪᠠᠷ ᠲᠠᠶᠢᠨ ᠵᠠᠷᠯᠠᠵᠠᠢ᠃ ᠵᠤᠤ ᠬᠤᠩ ᠡᠦ ᠶᠢᠨ ᠵᠠᠷᠯᠢᠭ ᠢᠶᠠᠷ ᠪᠠᠶᠢᠯᠳᠤᠭᠴᠢᠳ ᠨᠢᠷᠤᠭᠤ ᠮᠣᠳᠣ ᠶᠢ ᠡᠪᠡᠰᠦᠨ ᠳᠡᠭᠡᠰᠦ ᠪᠠᠷ ᠣᠷᠢᠶᠠᠵᠤ᠂ ᠶᠡᠭᠡ ᠫᠤᠤ ᠶᠢ ᠳᠠᠭᠤᠷᠢᠶᠠᠯᠭᠠᠵᠤ ᠬᠡᠳᠦᠨ ᠬᠥᠮᠥᠨ ᠢᠶᠠᠷ ᠳᠠᠮᠨᠠᠭᠤᠯᠵᠤ ᠴᠡᠷᠢᠭ ᠤᠷᠤᠵᠠᠢ᠃ ᠪᠤᠷᠬᠠᠨᠲᠤ ᠶᠢᠨ ᠶᠠᠫᠣᠨ ᠬᠠᠭᠤᠷᠮᠠᠭ ᠴᠡᠷᠢᠭ ᠡᠭᠦᠨ ᠢ ᠦᠵᠡᠭᠡᠳ ᠨᠠᠢᠮᠠᠳᠤᠭᠠᠷ ᠵᠠᠮ ᠤᠨ ᠴᠡᠷᠢᠭ ᠬᠥᠮᠦᠨ ᠣᠯᠠᠨ ᠵᠡᠷ ᠵᠡᠪᠰᠡᠭ ᠬᠦᠴᠦᠷᠬᠡᠭ ᠭᠤᠣᠯ ᠬᠦᠴᠦᠨ ᠤ ᠴᠡᠷᠢᠭ ᠮᠠᠶ᠋ᠢᠭᠲᠠᠢ ᠪᠠᠶᠢᠨ᠎ᠠ ᠭᠡᠵᠦ ᠦᠵᠡᠭᠡᠳ ᠤᠭᠲᠤᠨ ᠪᠠᠶᠢᠯᠳᠤᠬᠤ ᠦᠭᠡᠶ ᠪᠠᠶᠢᠪᠠ᠃     1944 ᠣᠨ ᠤ 2 ᠰᠠᠷ᠎ᠠ ᠶᠢᠨ 25 ᠤ ᠡᠳᠦᠷ ᠂ ᠵᠤᠤ ᠬᠤᠩ ᠡᠦ ᠨᠢᠭᠡ ᠰᠠᠯᠠᠭ᠎ᠠ ᠳᠥᠴᠢ᠂ ᠲᠠᠪᠢᠨ ᠬᠥᠮᠦᠨ ᠤ ᠡᠩᠨᠡᠭᠡ ᠶᠢ ᠳᠠᠭᠠᠭᠤᠯᠤᠨ ᠠᠭᠤᠯᠠᠨ ᠠᠴᠠ ᠭᠠᠷᠴᠤ ᠵᠠᠭᠦᠨᠰᠢ ᠳ᠋ᠠ ᠱᠤᠸᠠᠩ ᠮᠢᠶᠣᠣ ᠶᠢᠨ ᠯᠦᠩ ᠲᠠᠨ ᠭᠧᠦ ᠶᠢᠨ ᠯᠣᠣ ᠰᠢ ᠭᠧᠤ ᠬᠥᠷᠴᠦ᠂ ᠳᠠᠶᠢᠰᠤᠨ ᠤ ᠲᠥᠷᠪᠡ᠂ ᠲᠠᠪᠤᠨ ᠵᠠᠭᠤᠨ ᠴᠡᠷᠢᠭ ᠲᠠᠢ ᠤᠴᠠᠷᠠᠭᠠᠳ 1 ᠡᠳᠦᠷ ᠪᠠᠶᠢᠯᠳᠤᠵᠤ᠂ ᠡᠴᠦᠰ ᠲᠤ ᠭᠠᠭᠴᠠ ᠬᠦ ᠰᠢᠩ ᠵᠦ ᠵᠡᠷᠭᠡ 6 ᠬᠥᠮᠦᠨ ᠪᠦᠰᠡᠯᠡᠯᠲᠡ ᠶᠢ ᠰᠢᠪᠲᠤᠯᠵᠤ᠂ ᠵᠣᠣ ᠬᠤᠩ ᠡᠦ᠂ ᠪᠢᠩ ᠳ᠋ᠢᠩ ᠾᠥᠸᠧ ︵ᠤᠤᠯ ᠨᠡᠷ᠎ᠡ ᠨᠢ ᠭᠦᠩ ᠱᠤ᠋ ᠠᠨ︶ ᠵᠡᠷᠭᠡ 18 ᠬᠥᠮᠦᠨ ᠣᠯᠵᠠᠯᠠᠭᠳᠠᠪᠠ᠂ ᠪᠤᠰᠤᠳ ᠢ ᠨᠢ ᠴᠥᠮ ᠪᠡᠶ᠎ᠡ ᠦᠷᠡᠭᠳᠡᠵᠡᠶ᠃ ᠳᠠᠶᠢᠰᠤᠨ ᠵᠤᠤ ᠬᠤᠩ ᠡᠦ ᠨᠠᠷ ᠢ ᠪᠤᠷᠬᠠᠨᠲᠤ ᠶᠢᠨ ᠴᠠᠭᠳᠠᠭᠠᠨ ᠤ ᠵᠠᠬᠢᠷᠭ᠎ᠠ ᠳᠤ ᠠᠪᠠᠴᠢᠵᠤ ᠪᠠᠯᠠᠮᠠᠳ ᠡᠷᠡᠭᠦᠦ᠂ ᠥᠳᠥᠭᠡᠨ ᠲᠠᠲᠠᠬᠤ ᠵᠡᠷᠭᠡ ᠠᠷᠭ᠎ᠠ ᠪᠠᠷᠢᠯ ᠢ ᠬᠡᠷᠡᠭᠯᠡᠭᠰᠡᠨ ᠪᠣᠯᠪᠠᠴᠤ ᠲᠡᠳᠡ ᠬᠦᠴᠦᠷᠬᠡᠭ ᠤᠨ ᠡᠮᠦᠨ᠎ᠡ ᠬᠦᠵᠦᠭᠦᠦ ᠪᠥᠬᠦ᠋ᠢᠬᠦ ᠦᠭᠡᠢ ᠪᠠᠶᠢᠵᠠᠢ᠃ ᠬᠤᠵᠢᠮ ᠨᠢ ᠳᠠᠶᠢᠰᠤᠨ ᠡᠨᠡ 18 ᠬᠥᠮᠦᠨ ᠢ ᠠᠴᠢᠶᠠᠨ ᠤ ᠮᠠᠰᠢᠨ ᠢᠶᠠᠷ ᠪᠤᠷᠬᠠᠨᠲᠤ ᠶᠢᠨ ᠡᠮᠦᠨ᠎ᠡ ᠠᠪᠠᠴᠢᠵᠤ᠂ ᠴᠡᠭᠡᠵᠢᠨ ᠳᠡᠭᠡᠷ᠎ᠡ ᠨᠢ ᠵᠢᠳᠡ ᠲᠤᠯᠭᠠᠨ ᠨᠢᠭᠡᠳ ᠨᠢᠭᠡ ᠪᠠᠷ ︽ᠪᠠᠭᠤᠵᠤ ᠥᠭᠭᠦᠨ᠎ᠡ ᠤᠤ︾ ᠭᠡᠵᠦ ᠠᠰᠠᠭᠤᠵᠠᠢ᠃ ᠪᠠᠶ᠋ᠯᠳᠤᠭᠴᠢᠳ ᠡᠷᠡᠰ ᠲᠠᠰᠤᠷᠬᠠᠶ ᠪᠠᠷ᠄ ︽ᠲᠠ ᠨᠠᠷ ᠠᠯᠠᠪᠠᠯ ᠠᠯᠠ᠂ ᠶᠠᠭᠠᠬᠢᠭᠰᠠᠨ ᠴᠤ ᠪᠠᠭᠤᠵᠤ ᠥᠭᠬᠦ ᠦᠭᠡᠢ︕︾ ᠭᠡᠵᠡᠢ᠃ ᠵᠤᠤ ᠬᠤᠩ ᠡᠦ ᠬᠠᠮᠤᠭ ᠲᠦᠷᠦᠭᠦᠨ ᠳᠤ ᠪᠡᠶ᠎ᠡ ᠦᠷᠡᠭᠳᠡᠵᠦ᠂ ᠪᠠᠶᠢᠯᠳᠤᠭᠴᠢᠳ ᠴᠤ ᠨᠢᠭᠡᠳ ᠨᠢᠭᠡ ᠪᠠᠷ ᠳᠠᠶᠢᠰᠤᠨ ᠳᠤ ᠠᠯᠠᠭᠳᠠᠵᠠᠢ᠃     1983 ᠣᠨ ᠳᠤ ᠨᠢᠩᠴᠧᠩ ᠰᠢᠶᠠᠨ ᠤ ᠠᠷᠠᠳ ᠤᠨ ᠶᠠᠪᠤᠳᠠᠯ ᠤᠨ ᠲᠣᠪᠴᠢᠶ᠎ᠠ ᠶᠢᠨ ᠬᠢᠨ ᠦᠷᠡᠭᠳᠡᠭᠰᠡᠨ ᠪᠠᠭᠠᠲᠤᠷᠴᠤᠳ ᠤᠨ ᠬᠡᠭᠦᠷ ᠢ ᠪᠤᠷᠬᠠᠨᠲᠤ ᠶᠢᠨ ᠪᠠᠭᠠᠲᠤᠷᠴᠤᠳ ᠤᠨ ᠣᠩᠭᠤᠨ ᠤ ᠭᠠᠵᠠᠷ ᠣᠷᠣᠰᠢᠭᠤᠯᠵᠠᠶ᠃
ᠢᠷᠡᠯᠲᠡ᠄ ᠲᠣᠲᠣᠷᠬᠠᠢ ᠦᠭᠡᠢ