ᠫᠧᠢ ᠶᠦᠨ ᠲᠢᠩ
ᠨᠡᠶᠢᠲᠡᠯᠡᠭᠰᠡᠨ ᠴᠠᠭ᠄
2025/3/11
     ᠫᠧᠢ ᠶᠦᠨ ᠲᠢᠩ ︵1899-1945︶     ᠫᠧᠢ ᠶᠦᠨ ᠲᠢᠩ᠂ ᠤᠷᠠᠯᠢᠭ ᠤᠨ ᠨᠡᠷ᠎ᠡ ᠨᠢ ᠮᠢᠩ ᠸᠠ ᠸᠠ᠂ ᠡᠷᠡᠭᠲᠡᠶ᠂ ᠬᠢᠲᠠᠳ ᠦᠨᠳᠦᠰᠦᠲᠡᠨ᠂ 1899 ᠣᠨ ᠳᠤ ᠪᠡᠭᠡᠵᠢᠩ ᠳᠤ ᠲᠥᠷᠥᠵᠡᠢ᠂ ᠡᠴᠢᠭᠡ  ᠨᠢ ᠫᠸᠢ ᠹᠦ᠋ ᠶᠤᠸᠠᠨ᠂ ᠡᠾᠤᠪᠸᠢ ᠪᠠᠩᠽᠢ ᠶᠢᠨ ᠲᠣᠭᠯᠠᠭᠴᠢ᠃ ᠫᠧᠢ ᠶᠦᠨ ᠲᠢᠩ ᠠᠬ᠎ᠠ ᠳᠡᠭᠦᠦ ᠲᠠᠪᠤᠭᠤᠯᠠ ᠂ ᠣᠯᠠᠩᠬᠢ ᠨᠢ ᠤᠷᠠᠯᠢᠭᠴᠢᠨ ᠪᠠᠶᠢᠵᠤ᠂ ᠤᠷᠠᠯᠢᠭ ᠤᠨ ᠰᠤᠷᠪᠤᠯᠵᠢᠲᠤ ᠭᠡᠷ ᠪᠦᠯᠢ ᠪᠣᠯᠣᠭᠰᠠᠨ ᠪᠠᠶᠢᠵᠠᠢ᠃ ᠫᠧᠢ ᠶᠦᠨ ᠲᠢᠩ ᠬᠠᠷᠠᠬᠠᠨ ᠪᠠᠭ᠎ᠠ ᠠᠴᠠ ᠪᠠᠨ ᠭᠡᠷ ᠲᠡᠭᠡᠨ ᠵᠦᠴᠦᠭᠡ ᠰᠤᠷᠴᠤ᠂ 9 ᠨᠠᠰᠤᠲᠠᠶ ᠳᠠᠭᠠᠨ ᠡᠾᠤᠪᠸᠢ ᠪᠠᠩᠽᠢ ᠵᠦᠴᠦᠭᠡ ᠶᠢᠨ ᠠᠩᠭᠢ ᠳᠤ ᠣᠷᠣᠵᠤ ᠡᠷᠡᠮᠡᠬᠡᠶ ᠪᠦᠰᠡᠳᠡᠨ ᠢ ᠰᠤᠷᠴᠠᠢ ᠃ ᠲᠡᠷᠡ ᠪᠠᠭ᠎ᠠ ᠶᠢᠨ ᠦᠶ᠎ᠡ ᠳᠡᠭᠡᠨ ᠴᠣᠪᠣᠭᠤ ᠬᠥᠭᠡᠷᠦᠬᠦᠨ ᠰᠡᠴᠡᠨ ᠰᠡᠷᠭᠦᠯᠡᠩ᠂ ᠬᠤᠭᠤᠯᠠᠶ ᠨᠢ ᠴᠡᠭᠡᠯᠬᠡᠨ ᠬᠠᠩᠭᠢᠨᠠᠨ᠎ᠠ ᠪᠠᠶᠢᠵᠤ᠂ ᠴᠢᠷᠮᠠᠶᠢᠨ ᠰᠤᠷᠤᠯᠴᠠᠵᠤ ᠰᠢᠷᠭᠠᠭᠤ ᠪᠣᠯᠪᠠᠰᠤᠷᠠᠳᠠᠭ ᠠᠴᠠ 15 ᠨᠠᠰᠤᠲᠠᠢ ᠳᠠᠭᠠᠨ ᠵᠦᠴᠦᠭᠡ ᠶᠢᠨ ᠠᠩᠭᠢ ᠲᠡᠭᠦᠰᠴᠡᠢ᠂ ᠦᠷᠭᠦᠯᠵᠢ ᠪᠡᠭᠡᠵᠢᠩ ᠤᠨ ᠭᠤᠸᠠᠩ ᠾᠧ ᠠᠰᠠᠷ᠂ ᠲᠢᠶᠠᠨ ᠴᠢᠶᠤᠤ ᠵᠡᠷᠭᠡ ᠲᠢᠶᠠᠲᠷ ᠲᠤ ᠲᠣᠭᠯᠠᠯᠲᠠ ᠭᠠᠷᠭᠠᠵᠤ ᠂ ︽ ᠭᠤᠷᠪᠠᠳᠤᠭᠠᠷ ᠫᠠᠶᠢᠰᠠ︾ ᠡᠯᠭᠦᠵᠦ ︵ᠲᠡᠷᠡ ᠦᠶ᠎ᠡ ᠳᠤ ᠡᠮᠡᠭᠲᠡᠢ ᠶᠢᠨ ᠳᠦᠷᠢ᠂ ᠠᠬᠠᠮᠠᠳ ᠪᠦᠰᠡᠳᠡᠨ  ᠨᠢ ᠲᠡᠷᠢᠭᠦᠨ ᠫᠠᠶᠢᠰᠠ᠂ ᠬᠤᠶᠠᠳᠤᠭᠠᠷ ᠫᠠᠶᠢᠰᠠ ᠡᠯᠭᠦᠳᠡᠭ︶ ᠦᠵᠡᠭᠴᠢᠳ ᠤᠨ ᠳᠤᠮᠳᠠ ᠨᠡᠯᠢᠶᠡᠳ ᠭᠦᠨ ᠰᠠᠭᠤᠭᠳᠠᠯ ᠦᠯᠡᠳᠡᠭᠡᠭᠰᠡᠨ ᠪᠠᠶᠢᠳᠠᠭ᠃ ᠴᠢᠩ ᠤᠯᠤᠰ ᠤᠨ ᠰᠡᠭᠦᠯᠴᠢ ᠶᠢᠨ ᠦᠶ᠎ᠡ ᠳᠤ ︽ ᠫᠢ ᠬᠤᠸᠠᠩ ᠵᠦᠴᠦᠭᠡ︾ ︵ᠪᠡᠭᠡᠵᠢᠩ ᠵᠦᠴᠦᠭᠡ ︶ ᠣᠷᠳᠣᠨ ᠳᠤ ᠣᠷᠣᠵᠤ᠂ ᠠᠷᠠᠳ ᠤᠨ ᠬᠤᠭᠤᠷᠣᠨᠳᠣ ᠴᠦ ᠶᠡᠭᠡ ᠳᠡᠯᠭᠡᠷᠡᠭᠰᠡᠨ ᠪᠠᠶᠢᠨ᠎ᠠ᠂ ᠫᠸᠢ ᠶᠦᠨ ᠲᠢᠩ ᠴᠦ ᠪᠡᠭᠡᠵᠢᠩ ᠵᠦᠴᠦᠭᠡ ᠡᠬᠢᠯᠡᠨ ᠲᠣᠭᠯᠠᠭᠴᠢ᠃     1917 ᠣᠨ ︵ᠢᠷᠭᠡᠨ ᠤᠯᠤᠰ ᠤᠨ 6 ᠣᠨ︶ ᠳᠤ ᠤᠯᠠᠭᠠᠨᠬᠠᠳᠠ ᠶᠢᠨ ᠬᠤᠳᠠᠯᠳᠤᠭᠠᠴᠢᠳ ᠤᠨ ᠡᠪᠯᠡᠯ ᠤᠨ ᠳᠠᠷᠤᠭ᠎ᠠ ᠶᠠᠩ ᠽᠢ ᠪᠢᠨ ᠬᠢᠭᠡᠳ ᠴᠢᠩ ᠯᠦᠡᠭ ᠫᠦᠰᠡ ᠶᠢᠨ ᠳᠠᠭᠠᠭᠠᠮᠠᠯ ᠰᠥᠩ ᠽᠢ ᠠᠨ ᠪᠡᠯᠡ ᠨᠡᠶᠢᠯᠡᠭᠦᠯᠦᠨ ᠤᠯᠠᠭᠠᠨᠬᠠᠳᠠ ᠳᠤ ᠵᠦᠴᠦᠭᠡ ᠶᠢᠨ ᠠᠩᠭᠢ ᠵᠣᠬᠢᠶᠠᠨ ᠪᠠᠶᠢᠭᠤᠯᠵᠤ᠂ ᠰᠠᠷ᠎ᠠ ᠪᠦᠷᠢ 500 ᠬᠡᠰᠡᠭ ᠮᠥᠩᠭᠦᠨ ᠵᠣᠭᠤᠰ ᠤᠨ ᠥᠨᠳᠥᠷ ᠴᠠᠯᠢᠩ ᠢᠶᠠᠷ ᠫᠧᠢ ᠶᠦᠨ ᠲᠢᠩ ᠢ ᠤᠷᠢᠵᠤ ᠲᠣᠭᠯᠠᠯᠲᠠ ᠭᠠᠷᠭᠠᠳᠠᠭ ᠪᠠᠶᠢᠵᠠᠢ᠃ ᠫᠸᠢ ᠶᠦᠨ ᠲᠢᠩ ᠠᠩᠬ᠎ᠠ ᠢᠷᠡᠬᠦ ᠳᠡᠭᠡᠨ ᠂ ᠠᠷᠪᠠᠨ ᠨᠠᠶ᠋ᠮᠠᠲᠠᠶ ᠪᠠᠶᠢᠵᠤ ᠂ ᠬᠤᠷᠴᠠ ᠰᠡᠷᠭᠦᠯᠡᠩ ᠴᠣᠪᠣᠭᠤ ᠬᠥᠭᠡᠷᠦᠬᠦᠨ ᠂ ᠦᠨᠳᠦᠰᠦᠨ ᠪᠣᠯᠪᠠᠰᠤᠷᠠᠯ  ᠨᠢ ᠰᠠᠶᠢᠨ᠂ ᠬᠤᠭᠤᠯᠠᠶ ᠨᠢ ᠰᠠᠶᠢᠨ᠂ ᠲᠣᠭᠯᠠᠬᠤ ᠵᠦᠢᠯ ᠨᠢ ᠥᠷᠭᠡᠨ ᠪᠠᠶᠢᠵᠤ ᠂ ᠳᠠᠭᠤᠯᠠᠬᠤ ᠪᠥᠵᠢᠭᠯᠡᠬᠦ ᠵᠡᠪᠰᠡᠭ ᠤᠨ ᠡᠷᠳᠠᠮ ᠨᠢ ᠴᠦᠮ ᠰᠠᠶᠢᠨ ᠪᠠᠶᠢᠵᠤ᠂ ᠲᠣᠭᠯᠠᠯᠲᠠ ᠶᠢᠨ ᠲᠥᠯᠥᠭᠡ ᠦᠬᠦᠨ ᠴᠢᠷᠮᠠᠢᠳᠠᠭ ᠪᠠᠶᠢᠭᠰᠠᠨ ᠠᠴᠠ ᠤᠯᠠᠭᠠᠨᠬᠠᠳᠠ ᠶᠢ ᠳᠣᠩᠰᠣᠯᠭᠠᠭᠰᠠᠨ ᠪᠠᠶᠢᠨ᠎ᠠ᠃ ᠲᠡᠷᠡ ᠡᠷᠡᠮᠡᠬᠡᠶ ᠪᠦᠰᠡᠳᠡᠨ᠂ ᠪᠢᠴᠢᠭ ᠴᠡᠷᠢᠭ ᠤᠨ ᠠᠬᠠᠮᠠᠳ ᠪᠦᠰᠡᠳᠡᠨ ᠤ ᠵᠦᠴᠦᠭᠡ ᠶᠢ ᠲᠣᠭᠯᠠᠳᠠᠭ ᠮᠥᠷᠲᠡᠭᠡᠨ ᠪᠠᠰᠠ ᠪᠦᠦ ᠵᠧᠩ ᠵᠦᠴᠦᠭᠡ ᠂ ᠭᠤᠸᠠᠨ ᠬᠥᠩ ᠵᠦᠴᠦᠭᠡ ᠂ ᠵᠠᠯᠠᠭᠤ ᠪᠦᠰᠡᠳᠡᠨ ᠤ ᠵᠦᠴᠦᠭᠡ ᠶᠢ ᠴᠦ ᠲᠣᠭᠯᠠᠳᠠᠭ᠂ ᠬᠠᠮᠤᠭ ᠰᠠᠶᠢᠨ ᠲᠣᠭᠯᠠᠳᠠᠭ ᠨᠢ ︽ ᠳᠠᠮᠨᠠᠭᠤᠷ ᠲᠡᠷᠭᠡ ᠳᠠᠮᠨᠠᠭᠰᠠᠨ ᠨᠢ︾᠂ ︽ᠰᠢᠷ᠎ᠠ ᠢᠷᠪᠢᠰ︾ ᠂ ︽ ᠲᠠᠶᠢᠪᠣᠩ ᠤᠨ ᠪᠠᠶᠢᠯᠳᠤᠭᠠᠨ︾ ᠂ ︽ᠪᠠ ᠸᠠᠩ ᠲᠠᠲᠠᠪᠤᠷᠢ ᠠᠴᠠ ᠪᠠᠨ ᠰᠠᠯᠤᠭᠰᠠᠨ ᠨᠢ︾᠂ ︽ᠮᠠᠶ ᠴᠧᠩ ᠬᠤᠲᠠᠨ᠎ᠠ ᠵᠠᠮᠨᠠᠭᠰᠠᠨ ︾ ᠵᠡᠷᠭᠡ ᠪᠤᠯᠤᠨ᠎ᠠ ᠂ ᠲᠡᠭᠦᠨ ᠤ ᠲᠣᠭᠯᠠᠯᠲᠠ ᠪᠠᠶᠢᠬᠤ ᠪᠦᠷᠢ ᠲᠢᠶᠠᠲᠷ ᠲᠤ ᠬᠦᠮᠦᠨ ᠲᠦᠭᠦᠷᠡᠳᠡᠭ ᠪᠠᠶᠢᠵᠠᠢ᠃ ᠤᠯᠠᠭᠠᠨᠬᠠᠳᠠ ᠳᠤ ᠢᠷᠡᠭᠡᠳ ᠵᠢᠯ ᠭᠠᠷᠤᠶ ᠪᠣᠯᠵᠤ᠂ ᠵᠦᠴᠦᠭᠡ ᠶᠢᠨ ᠪᠦᠯᠬᠦᠮ  ᠨᠢ ᠡᠭᠦᠳᠡ ᠪᠠᠨ ᠬᠠᠭᠠᠵᠤ᠂ ᠫᠧᠢ ᠶᠦᠨ ᠲᠢᠩ ᠪᠡᠭᠡᠵᠢᠩ ᠳᠤ ᠪᠤᠴᠠᠵᠠᠢ ᠃     1920 ᠣᠨ ᠳᠤ ᠰᠦᠩ ᠽᠢ ᠠᠨ᠂ ᠸᠠᠩ ᠶᠦᠩ ᠾᠧ᠂ ᠶᠠᠩ ᠵᠢᠶᠠᠨ ᠭᠥᠸᠧ ᠵᠡᠷᠭᠡ 10 ᠬᠥᠮᠦᠨ ᠪᠠᠰᠠ ᠪᠡᠯᠠ ᠮᠥᠩᠭᠦ ᠴᠤᠭᠯᠠᠭᠤᠯᠵᠤ ᠵᠦᠴᠦᠭᠡ ᠶᠢᠨ ᠠᠩᠭᠢ ᠡᠷᠬᠢᠯᠡᠵᠦ᠂ ᠰᠠᠷ᠎ᠠ ᠳᠤ 400 ᠮᠥᠩᠭᠦᠨ ᠵᠣᠭᠤᠰ ᠢᠶᠠᠷ ᠫᠧᠢ ᠶᠦᠨ ᠲᠢᠩ ᠢ ᠳᠠᠬᠢᠨ ᠤᠷᠢᠵᠤ ᠵᠦᠴᠦᠭᠡ ᠲᠣᠭᠯᠠᠭᠤᠯᠵᠠᠢ᠃ ᠲᠡᠷᠡ ᠳᠡᠮᠡᠢ ᠤᠳᠠᠭᠰᠠᠨ ᠦᠭᠡᠢ ᠬᠠᠷ᠎ᠠ ᠲᠠᠮᠠᠬᠢ ᠲᠠᠲᠠᠵᠤ᠂ ᠰᠡᠭᠦᠯᠡᠷ ᠨᠢ ᠤᠯᠠᠭᠠᠨᠬᠠᠳᠠ ᠳᠤ ᠰᠠᠭᠤᠷᠢᠰᠢᠵᠤ᠂ ᠤᠯᠠᠭᠠᠨᠬᠠᠳᠠ ᠵᠦᠴᠦᠭᠡ ᠶᠢᠨ ᠲᠢᠶᠠᠳ᠋ᠷ ᠤᠨ ᠤᠷᠳᠤ ᠬᠤᠭᠤᠴᠠᠭ᠎ᠠ ᠶᠢᠨ ᠲᠣᠭᠯᠠᠭᠴᠢ ᠪᠣᠯᠵᠤ 28 ᠵᠢᠯ ᠰᠠᠭᠤᠵᠠᠢ᠃     ᠫᠧᠢ ᠶᠦᠨ ᠲᠢᠩ ᠤᠨ ᠤᠷᠠᠯᠢᠭ ᠤᠨ ᠠᠪᠢᠶᠠᠰ ᠨᠠᠷᠢᠯᠢᠭ ᠰᠠᠶᠢᠬᠠᠨ᠂ ᠤᠷᠠᠯᠢᠭ ᠳᠠᠭᠠᠨ ᠬᠠᠷᠢᠭᠤᠴᠠᠯᠭᠠᠲᠤ ᠰᠡᠳᠬᠢᠯᠭᠡ  ᠲᠠᠢ ᠪᠠᠶᠢᠵᠤ᠂ ᠦᠵᠡᠭᠴᠢᠳ ᠲᠤ ᠬᠠᠷᠢᠭᠤᠴᠠᠵᠤ᠂ ᠶᠠᠮᠠᠷ ᠵᠦᠴᠦᠭᠡ ᠲᠣᠭᠯᠠᠪᠠᠯ ᠲᠡᠷᠡ ᠶᠠᠩᠵᠤ ᠪᠠᠷ ᠵᠠᠰᠠᠵᠤ ᠴᠢᠮᠡᠵᠦ ᠂ ᠬᠤᠪᠴᠠᠰᠤ ᠬᠤᠨᠠᠷ᠂ ᠪᠠᠭᠠᠵᠢ ᠵᠡᠪᠰᠡᠭ᠂ ᠲᠣᠭᠯᠠᠯᠲᠠ ᠵᠡᠷᠭᠡ ᠳᠤ ᠴᠥᠮ ᠲᠤᠩ ᠨᠠᠷᠢᠨ ᠬᠢᠨᠠᠮᠠᠭᠠᠶ ᠪᠠᠶᠢᠳᠠᠭ᠃     1945 ᠣᠨ ᠤ 9 ᠰᠠᠷ᠎ᠠ ᠶᠢᠨ ᠡᠬᠢᠨ ᠳᠤ ᠡᠪᠡᠳᠴᠢᠨ ᠢᠶᠠᠷ ᠤᠯᠠᠭᠠᠨᠬᠠᠳᠠ ᠳᠤ ᠳᠥᠴᠢᠨ ᠳᠣᠯᠤᠭ᠎ᠠ ᠲᠠᠢ ᠨᠠᠰᠤ ᠪᠠᠷᠠᠵᠠᠢ ᠃ 
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ