| | ᠫᠧᠢ ᠸᠧᠨ ᠾᠧ ︵1920-1944 ︶ | ᠫᠸᠢ ᠸᠤᠨ ᠾᠧ᠂ ᠡᠷᠡᠭᠲᠡᠶ᠂ ᠬᠢᠲᠠᠳ ᠦᠨᠳᠦᠰᠦᠲᠡᠨ᠂ 1920 ᠣᠨ ᠳᠤ ᠨᠢᠩᠴᠧᠩ ᠰᠢᠶᠠᠨ ᠤ ᠰᠢ ᠴᠢᠤᠸᠠᠨ ᠰᠢᠶᠠᠩ ᠤᠨ ᠹᠠᠨ ᠵᠠᠩ ᠽᠢ | ᠲᠣᠰᠬᠤᠨ ᠳᠤ ᠲᠥᠷᠥᠵᠡᠢ᠂ ᠭᠡᠷ ᠤᠨ ᠠᠮᠢᠳᠤᠷᠠᠯ ᠨᠢ ᠶᠠᠳᠠᠭᠤ ᠬᠦᠴᠢᠷᠲᠡᠶ ᠪᠣᠯᠬᠤᠷ ᠰᠤᠷᠭᠠᠭᠤᠯᠢ ᠳᠤ ᠰᠠᠭᠤᠭᠰᠠᠨ ᠦᠭᠡᠢ᠂ ᠥᠪᠡᠷᠲᠡᠭᠡᠨ ᠰᠤᠷᠬᠤ ᠪᠠᠷ ᠳᠠᠮᠵᠢᠵᠤ᠂ | ᠤᠢᠰᠦᠭ ᠪᠢᠴᠢᠭ ᠵᠢᠭᠠᠬᠠᠨ ᠲᠥᠰᠥᠭᠡᠯᠡᠳᠡᠭ ᠪᠠᠶᠢᠵᠠᠢ ᠃ | 1938 ᠣᠨ ᠳᠤ ᠫᠸᠢ ᠸᠤᠨ ᠾᠧ ᠲᠤᠰ ᠣᠷᠣᠨ ᠳᠠᠭᠠᠨ ᠰᠢᠷ᠎ᠠ ᠵᠢᠳᠠᠲᠤ ᠡᠪᠯᠡᠯ ᠳᠤ ᠣᠷᠣᠵᠤ ᠪᠠᠭᠰᠢ ᠯᠠᠮᠠ ᠪᠣᠯᠣᠭᠠᠳ ᠱᠠᠪᠢ ᠳᠠᠭᠠᠭᠤᠯᠵᠤ ᠣᠯᠠᠭᠤᠯᠠ | ᠨᠡᠶᠢᠯᠡᠵᠦ ᠳᠡᠭᠡᠷᠡᠮ ᠢ ᠴᠣᠬᠢᠵᠤ ᠪᠠᠶᠢᠵᠠᠢ᠃ ᠱᠠᠪᠢ ᠨᠠᠷ ᠢᠶᠠᠨ ᠳᠠᠭᠠᠭᠤᠯᠵᠤ 30 ᠭᠠᠷᠤᠶ ᠳᠡᠭᠡᠷᠡᠮᠴᠢᠳ ᠲᠠᠢ ᠴᠢᠩ ᠱᠠᠨ ᠤ ᠳᠡᠭᠡᠷᠡᠮ ᠢ ᠴᠣᠬᠢᠨ ᠪᠣᠰᠨᠢᠭᠤᠯᠤᠭᠰᠠᠨ | ᠪᠢᠯᠡ᠃ ᠯᠢᠦ ᠬᠤ᠋ ᠽᠢ ᠭᠧᠤ ᠶᠢᠨ ᠳᠡᠭᠡᠷᠡᠮ ᠭᠤᠤ ᠵᠠᠨ ᠢᠥᠢ ᠶᠢ ᠴᠣᠬᠢᠬᠤ ᠦᠶ᠎ᠡ ᠳᠤ ᠨᠢᠭᠡ ᠬᠥᠯ ᠨᠢ ᠰᠢᠷᠬᠠᠲᠤᠵᠤ ᠳᠣᠭᠤᠯᠠᠩ ᠪᠣᠯᠤᠭᠰᠠᠨ ᠪᠠᠶᠢᠨ᠎ᠠ᠃ | 1940 ᠣᠨ ᠤ 9 ᠰᠠᠷ᠎ᠠ ᠳᠤ ᠯᠢ ᠴᠢᠩ ᠱᠠᠨ ᠲᠦᠷᠦᠭᠦᠲᠡᠶ ᠨᠠᠶ᠋ᠮᠠᠳᠤᠭᠠᠷ ᠵᠠᠮ ᠤᠨ ᠴᠡᠷᠢᠭ ᠤᠨ ᠲᠡᠮᠦᠷ ᠵᠠᠮ ᠤᠨ ᠬᠤᠶᠢᠨᠠᠬᠢ ︵ ᠵᠢᠨᠵᠸᠦ ᠠᠴᠠ ᠴᠧᠩᠳᠧ | ᠬᠦᠷᠬᠦ ᠲᠡᠮᠦᠷ ᠵᠠᠮ︶ ᠠᠵᠢᠯᠯᠠᠬᠤ ᠳᠤᠭᠤᠶᠢᠯᠠᠩ ᠹᠠᠨ ᠵᠠᠩ ᠽᠢ ᠲᠤᠰᠬᠤᠨ ᠳᠤ ᠢᠷᠡᠵᠦ ᠬᠤᠪᠢᠰᠬᠠᠯ ᠬᠢᠬᠦ ᠪᠠ ᠶᠠᠫᠣᠨ ᠢ ᠡᠰᠡᠷᠭᠦᠴᠡᠬᠦ ᠲᠡᠮᠡᠴᠡᠯ ᠤᠨ ᠤᠬᠠᠭᠤᠯᠭ᠎ᠠ | ᠬᠢᠵᠡᠢ᠂ ᠫᠸᠢ ᠸᠤᠨ ᠾᠧ ᠰᠣᠨᠣᠰᠤᠭᠠᠳ ᠡᠷᠡᠰ ᠰᠢᠭᠤᠷᠬᠠᠶ ᠪᠠᠷ ᠶᠠᠫᠣᠨ ᠢ ᠡᠰᠡᠷᠭᠦᠴᠡᠬᠦ ᠴᠡᠷᠢᠭ ᠠᠩᠭᠢ ᠳᠤ ᠣᠷᠣᠯᠴᠠᠭᠰᠠᠨ ᠪᠠᠶᠢᠨ᠎ᠠ᠃ 10 ᠳ᠋ᠤᠭᠠᠷ ᠰᠠᠷ᠎ᠠ ᠳᠤ᠂ | ᠫᠸᠢ ᠸᠤᠨ ᠾᠧ ᠵᠢᠴᠢ ᠯᠢ ᠰᠢᠣᠸᠠᠢ ᠬᠤᠢ ︵ ᠯᠢ ᠰᠢᠶᠠ︶᠂ ᠯᠢᠨ ᠮᠠᠤ ᠵᠤᠸᠠᠩ᠂ ᠳ᠋ᠧᠩ ᠶᠦᠨ ᠵᠡᠷᠭᠡ 10 ᠭᠠᠷᠤᠶ ᠵᠠᠯᠠᠭᠤᠴᠤᠳ ᠾᠤᠪᠸᠢ ᠮᠤᠵᠢ ᠶᠢᠨ ᠵᠡᠭᠦᠨ | ᠬᠡᠰᠡᠭ ᠤᠨ ᠬᠤᠪᠢᠰᠬᠠᠯ ᠤᠨ ᠰᠠᠭᠤᠷᠢᠨ ᠭᠠᠵᠠᠷ ᠲᠤ ᠲᠣᠮᠢᠯᠠᠭᠳᠠᠨ ᠰᠤᠷᠤᠯᠴᠠᠵᠤ᠂ 12 ᠰᠠᠷ᠎ᠠ ᠶᠢᠨ ᠰᠡᠭᠦᠯᠴᠢ ᠪᠠᠷ᠂ ᠴᠧᠩᠳᠤ ᠂ ᠫᠢᠩᠴᠢᠣᠸᠠᠨ᠂ ᠨᠢᠩᠴᠧᠩ ᠵᠡᠷᠭᠡ | ᠭᠠᠵᠠᠷ ᠣᠷᠣᠨ ᠢᠶᠠᠷ ᠫᠠᠷᠲ᠋ᠢᠽᠠᠨ ᠠᠩᠬᠢ ᠵᠣᠬᠢᠶᠠᠨ ᠪᠠᠶᠢᠭᠤᠯᠵᠤ᠂ ᠫᠸᠢ ᠸᠤᠨ ᠾᠧ ᠠᠩᠭᠢ ᠶᠢᠨ ᠳᠠᠷᠤᠭ᠎ᠠ ᠶᠢᠨ ᠠᠵᠢᠯ ᠢ ᠬᠠᠷᠢᠭᠤᠴᠠᠵᠤ ᠨᠡᠶᠢᠲᠡ 24 | ᠬᠥᠮᠦᠨ ᠲᠠᠢ ᠪᠠᠶᠢᠪᠠ᠃ ᠫᠠᠷᠲ᠋ᠢᠽᠠᠨ ᠠᠩᠬᠢ ᠨᠢ ᠭᠤᠸᠠᠩ ᠲᠧᠦ ᠱᠠᠨ ᠠᠭᠤᠯᠠ᠂ ᠨᠢᠭᠡ ᠭᠤᠷᠪᠠ ᠨᠠᠶ᠋ᠮᠠ ᠫᠠᠶᠢᠰᠠ᠂ ᠰᠢᠪᠦᠭᠡ ᠠᠭᠤᠯᠠ ᠂ ᠭᠤᠷᠪᠠᠨ ᠭᠤᠤ᠂ ᠮᠤᠤ | ᠯᠠᠨ ᠭᠤᠤ ᠣᠷᠴᠢᠮ ᠢᠶᠠᠷ ᠫᠠᠷᠲ᠋ᠢᠽᠠᠨ ᠠᠵᠢᠯᠯᠠᠭ᠎ᠠ ᠥᠷᠨᠢᠭᠦᠯᠵᠦ᠂ ᠡᠩᠨᠡᠭᠡ ᠨᠢ ᠲᠠᠰᠤᠷᠠᠯᠲᠠ ᠦᠭᠡᠢ ᠥᠷᠭᠡᠳᠴᠦ ᠪᠠᠶᠢᠵᠠᠢ᠃ | 1941 ᠣᠨ ᠤ 3 ᠰᠠᠷ᠎ᠠ ᠶᠢᠨ ᠡᠬᠢ ᠪᠠᠷ ᠂ ᠫᠸᠢ ᠸᠤᠨ ᠾᠧ᠂ ᠯᠢ ᠴᠢᠩ ᠱᠠᠨ ᠫᠠᠷᠲ᠋ᠢᠽᠠᠨ ᠠᠩᠬᠢ ᠪᠠᠨ ᠳᠠᠭᠠᠭᠤᠯᠵᠤ ᠾᠤᠪᠸᠢ ᠶᠢᠨ ᠵᠡᠭᠦᠨ ᠬᠡᠰᠡᠭ ᠤᠨ | ᠰᠠᠭᠤᠷᠢᠨ ᠭᠠᠵᠠᠷ ᠲᠤ ᠢᠷᠡᠵᠦ ᠪᠣᠯᠪᠠᠰᠤᠷᠠᠯ ᠬᠢᠵᠦ᠂ ᠬᠠᠭᠠᠰ ᠰᠠᠷ᠎ᠠ ᠶᠢᠨ ᠳᠠᠷᠠᠭ᠎ᠠ ᠴᠡᠷᠢᠭ ᠠᠩᠬᠢ ᠶᠢ ᠨᠢ ᠴᠢᠩ ᠯᠦᠩ᠂ ᠫᠢᠩᠴᠢᠤᠸᠠᠨ ᠤ ᠫᠠᠷᠲ᠋ᠢᠽᠠᠨ ᠠᠩᠭᠢ ᠶᠢᠨ | ᠬᠤᠶᠠᠳᠤᠭᠠᠷ ᠳᠤᠮᠳᠠ ᠠᠩᠭᠢ ᠪᠣᠯᠭᠠᠨ ᠪᠠᠶᠢᠭᠤᠯᠵᠤ᠂ 4 ᠰᠠᠷ᠎ᠠ ᠶᠢᠨ ᠰᠡᠭᠦᠯᠴᠢ ᠪᠠᠷ᠂ ᠫᠠᠷᠲ᠋ᠢᠽᠠᠨ ᠠᠩᠬᠢ ᠨᠢ ᠺᠤᠸᠠᠨ ᠴᠧᠩ ᠬᠤᠲᠠ ᠶᠢᠨ ᠮᠠ ᠸᠧᠢ ᠭᠧᠦ᠂ | ᠬᠤᠯᠣ ᠭᠤᠤ᠂ ᠰᠢᠦ᠋ᠩ ᠬᠤ᠋ ᠳ᠋ᠧᠦ᠂ ᠴᠧᠩᠳᠧ ᠶᠢᠨ ᠮᠠᠨ ᠵᠠᠩ ᠽᠢ᠂ ᠨᠠᠢᠮᠠᠨᠭᠡᠷ᠂ ᠫᠢᠩ ᠴᠢᠤᠸᠠᠨ ᠤ ᠳ᠋ᠠᠩ ᠪᠠ᠂ ᠭᠦᠸᠧ ᠵᠠᠩ ᠽᠢ᠂ ᠪᠣᠷᠣᠬᠤᠰᠢᠭᠤ ᠵᠡᠷᠭᠡ | ᠭᠠᠵᠠᠷ ᠲᠤ ᠶᠠᠫᠣᠨ ᠴᠡᠷᠢᠭ ᠬᠠᠭᠤᠷᠮᠠᠭ ᠴᠡᠷᠢᠭ ᠲᠤ ᠴᠣᠬᠢᠯᠲᠠ ᠥᠭᠴᠦ ᠪᠠᠶᠢᠵᠠᠢ᠃ 5 ᠰᠠᠷ᠎ᠠ ᠶᠢᠨ 29 ᠤ ᠡᠳᠦᠷ᠂ ᠯᠥᠩ ᠸᠠᠨ ᠲᠣᠰᠬᠤᠨ ᠳᠤ ᠶᠠᠫᠣᠨ ᠤ ᠴᠡᠷᠢᠭ | ᠠᠩᠭᠢ ᠶᠢᠨ 20 ᠭᠠᠷᠤᠶ ᠬᠥᠮᠦᠨ ᠢ ᠠᠯᠠᠵᠠᠢ᠃ ᠲᠡᠶᠢᠠ ᠤ ᠲᠡᠷᠠᠭ᠎ᠠ᠂ ᠫᠸᠢ ᠸᠤᠨ ᠾᠧ᠂ ᠯᠢ ᠴᠢᠩ ᠱᠠᠨ ᠪᠣᠯᠤᠨ ᠰᠤ᠋ ᠪᠠᠶ ᠰᠢ᠂ ᠰᠤ᠋ ᠵᠢᠶ ᠾᠧᠩ ᠤᠨ | ᠤᠳᠤᠷᠢᠳᠤᠭᠰᠠᠨ ᠬᠤᠶᠠᠷ ᠰᠠᠯᠠᠭ᠎ᠠ ᠫᠠᠷᠲ᠋ᠢᠽᠠᠨ ᠠᠩᠭᠢ ᠶᠢᠨ ᠨᠡᠶᠢᠲᠡ 50 ᠭᠠᠷᠤᠶ ᠬᠥᠮᠦᠨ ᠴᠧᠩᠳᠤ ᠂ ᠫᠢᠩᠴᠢᠣᠸᠠᠨ᠂ ᠨᠢᠩᠴᠧᠩ ᠣᠷᠣᠨ ᠳᠤ ᠰᠢᠯᠵᠢᠵᠡᠢ᠃ 6 | ᠰᠠᠷ᠎ᠠ ᠳᠤ᠂ ᠫᠠᠷᠲ᠋ᠢᠽᠠᠨ ᠠᠩᠬᠢ ᠬᠠᠷᠠᠴᠢᠨ ᠪᠠᠷᠠᠭᠤᠨ ᠬᠤᠰᠢᠭᠤᠨ ᠤ ᠰᠢᠨ᠎ᠡ ᠳ᠋ᠢᠶᠠᠨ ᠴᠠᠭᠳᠠᠭᠠᠨ ᠤ ᠭᠠᠵᠠᠷ ᠢ ᠴᠣᠬᠢᠵᠤ ᠵᠠᠬᠢᠷᠭᠠᠨ ᠤ ᠳᠠᠷᠤᠭ᠎ᠠ ᠪᠣᠯᠤᠨ ᠨᠢᠭᠡ | ᠴᠠᠭᠳᠠᠭ᠎ᠠ ᠶᠢ ᠠᠯᠠᠭᠰᠠᠨ ᠪᠠᠶᠢᠨ᠎ᠠ᠃ ᠵᠠᠯᠭᠠᠭᠠᠳ ᠴᠧᠩᠳᠧ ᠰᠢᠶᠠᠨ ᠤ ᠨᠢᠭᠡ ᠭᠤᠷᠪᠠ ᠨᠠᠶ᠋ᠮᠠᠳᠤᠭᠠᠷ ᠫᠠᠶᠢᠰᠠ ᠶᠢᠨ ᠴᠠᠭᠳᠠᠭ᠎ᠠ ᠶᠢᠨ ᠰᠠᠭᠤᠵᠤ ᠪᠠᠶᠢᠭ᠎ᠠ ᠭᠠᠵᠠᠷ ᠢ | ᠳᠠᠭᠠᠷᠢᠵᠤ ᠢᠯᠠᠯᠲᠠ ᠣᠯᠵᠠᠢ᠃ 7 ᠰᠠᠷ᠎ᠠ ᠳᠤ᠂ ᠫᠠᠷᠲ᠋ᠢᠽᠠᠨ ᠠᠩᠬᠢ ᠫᠢᠩ ᠴᠢᠤᠸᠠᠨ ᠰᠢᠶᠠᠨ ᠤ ᠰᠦᠩ ᠱᠤ᠋ ᠲᠠᠢ ᠪᠠᠯᠭᠠᠰᠤᠨ ᠳᠤ᠂ ᠬᠠᠭᠤᠷᠮᠠᠭ ᠴᠠᠭᠳᠠᠭ᠎ᠠ | ᠠᠶᠤᠯᠭᠠᠨ ᠰᠦᠷᠳᠡᠭᠦᠯᠬᠦ ᠪᠣᠶᠤ ᠰᠤᠷᠭᠠᠵᠤ᠂ ᠲᠡᠳᠡᠨ ᠢ ᠠᠷᠠᠳ ᠲᠦᠮᠡᠨ ᠢ ᠳᠠᠷᠤᠯᠠᠬᠤ ᠦᠭᠡᠢ᠂ ᠶᠠᠫᠣᠨ ᠴᠡᠷᠢᠭ ᠤᠨ ᠫᠠᠷᠲ᠋ᠢᠽᠠᠨ ᠠᠩᠬᠢ ᠶᠢᠨ ᠪᠠᠶᠢᠳᠠᠯ ᠢ ᠮᠡᠳᠡᠭᠦᠯᠬᠦ | ᠦᠭᠡᠢ ᠪᠣᠯᠭᠠᠵᠠᠢ᠃ 8 ᠰᠠᠷ᠎ᠠ ᠳᠤ᠂ ᠰᠦᠩ ᠱᠤ᠋ ᠲᠠᠢ ᠪᠠᠯᠭᠠᠰᠤᠨ ᠳᠤ ᠬᠤᠶᠠᠷ ᠲᠠᠩᠨᠠᠭᠤᠯ ᠢ ᠳᠠᠷᠤᠩᠭᠤᠶᠢᠯᠠᠵᠤ᠂ ᠶᠠᠫᠣᠨ ᠳᠡᠭᠡᠷᠡᠮᠴᠢᠳ ᠪᠠ ᠬᠠᠭᠤᠷᠮᠠᠭ | ᠴᠡᠷᠢᠭ ᠤᠨ ᠬᠥᠯᠦᠰᠦᠨ ᠠᠵᠢᠯᠴᠢᠨ ᠬᠦᠷᠭᠡᠵᠦ ᠶᠠᠪᠤᠭ᠎ᠠ ᠬᠤᠶᠠᠷ ᠮᠠᠰᠢᠨ ᠲᠡᠷᠭᠡ ᠶᠢ ᠬᠤᠷᠢᠭᠯᠠᠨ ᠴᠣᠬᠢᠵᠤ᠂ ᠪᠦᠬᠦ ᠬᠥᠯᠥᠰᠥᠨ ᠠᠵᠢᠯᠴᠢᠨ ᠢ ᠠᠪᠤᠷᠠᠵᠠᠢ᠃ 8 | ᠰᠠᠷ᠎ᠠ ᠶᠢᠨ ᠰᠡᠭᠦᠯᠴᠢ ᠪᠠᠷ ᠫᠸᠢ ᠸᠤᠨ ᠾᠧ ᠶᠢᠨ ᠫᠠᠷᠲ᠋ᠢᠽᠠᠨ ᠠᠩᠬᠢ ᠪᠤᠷᠬᠠᠨᠲᠤ᠂ ᠰᠠᠨ ᠽᠦᠸᠧ ᠳ᠋ᠢᠶᠠᠨ ᠤ ᠠᠭᠤᠯᠠᠷᠬᠠᠭ ᠣᠷᠣᠨ ᠢᠶᠠᠷ ᠠᠶᠠᠯᠠᠨ ᠪᠠᠶᠢᠯᠳᠤᠵᠤ | ᠪᠠᠶᠢᠵᠠᠢ᠃ ᠬᠠᠯᠠᠭᠤᠨ ᠷᠠᠰᠢᠶᠠᠨ ᠤ ᠴᠢᠶᠠᠨ ᠼᠧᠩ ᠸᠠ ᠳᠤ ᠶᠠᠫᠣᠨ ᠬᠠᠭᠤᠷᠮᠠᠭ ᠴᠡᠷᠢᠭ ᠤᠨ ᠠᠮᠤᠷ ᠢ ᠬᠠᠮᠠᠭᠠᠯᠠᠬᠤ ᠠᠩᠭᠢ ᠶᠢᠨ 100 ᠭᠠᠷᠤᠶ ᠬᠥᠮᠦᠨ ᠢ ᠢᠯᠠᠵᠤ᠂ | 3 ᠬᠥᠮᠦᠨ ᠢ ᠴᠣᠬᠢᠨ ᠠᠯᠠᠵᠤ᠂ 6 ᠬᠥᠮᠦᠨ ᠢ ᠴᠣᠬᠢᠵᠤ ᠰᠢᠷᠬᠠᠲᠤᠭᠤᠯᠪᠠ᠃ | ᠨᠢᠩᠴᠧᠩ ᠰᠢᠶᠠᠨ 1942 ᠣᠨ ᠤ 2 ᠰᠠᠷ᠎ᠠ ᠶᠢᠨ 9 ᠤ ᠡᠳᠦᠷ ︵ᠪᠢᠯᠢᠭ ᠤᠨ ᠤᠯᠠᠷᠢᠯ ᠤᠨ 12 ᠰᠠᠷ᠎ᠠ ᠶᠢᠨ 24︶ ᠫᠠᠷᠲ᠋ᠢᠽᠠᠨ ᠠᠩᠬᠢ ᠨᠢ ᠭᠤᠷᠤᠬ᠎ᠠ | ᠰᠢᠶᠠᠩ ᠤᠨ ᠨᠢᠶᠠᠨ ᠽᠢ ᠭᠧᠤ ᠳᠤ ᠶᠠᠫᠣᠨ ᠬᠠᠭᠤᠷᠮᠠᠭ ᠴᠡᠷᠢᠭ ᠲᠤ ᠪᠦᠰᠡᠯᠡᠭᠳᠡᠵᠦ᠂ ᠰᠢᠷᠦᠭᠦᠨ ᠲᠤᠯᠤᠯᠳᠤᠭᠠᠨ ᠬᠢᠵᠦ᠂ ᠫᠸᠢ ᠸᠤᠨ ᠾᠧ ᠵᠠᠮ ᠲᠠᠨᠢᠬᠤ ᠲᠤᠯᠠ | ᠴᠡᠷᠢᠭ ᠢᠶᠠᠨ ᠳᠠᠭᠠᠭᠤᠯᠵᠤ ᠪᠦᠰᠡᠯᠡᠯᠲᠡ ᠶᠢ ᠰᠢᠪᠲᠤᠯᠵᠤ᠂ ᠶᠡᠭᠡ ᠠᠩᠭᠢ ᠶᠢᠨ ᠳᠠᠷᠤᠭ᠎ᠠ ᠯᠢᠦ ᠶᠤᠸᠠᠨ ᠼᠦᠨ ᠪᠡᠶ᠎ᠡ ᠦᠷᠡᠭᠳᠡᠵᠡᠶ᠃ 3 ᠰᠠᠷ᠎ᠠ ᠳᠤ᠂ ᠫᠠᠷᠲ᠋ᠢᠽᠠᠨ | ᠠᠩᠬᠢ ᠨᠢ ᠾᠤᠪᠸᠢ ᠶᠢᠨ ᠵᠡᠭᠦᠨ ᠬᠡᠰᠡᠭ ᠢᠶᠠᠷ ᠠᠶᠠᠯᠠᠨ ᠪᠠᠶᠢᠯᠳᠤᠵᠤ᠂ ᠫᠸᠢ ᠸᠤᠨ ᠾᠧ ᠴᠢᠩ ᠫᠢᠩ ᠤᠨ ᠠᠵᠢᠯᠯᠠᠬᠤ ᠪᠦᠯᠬᠦᠮ ᠳᠤ ᠬᠤᠪᠢᠶᠠᠭᠳᠠᠵᠤ᠂ ᠭᠤᠸᠠᠩ | ᠲᠧᠦ ᠱᠠᠨ ᠠᠭᠤᠯᠠ ᠶᠢᠨ ᠰᠢᠪᠲᠤᠯᠤᠨ ᠪᠠᠶᠢᠯᠳᠤᠬᠤ ᠲᠡᠶᠢᠠ ᠳᠤ ᠣᠷᠣᠯᠴᠠᠭᠰᠠᠨ ᠪᠠᠶᠢᠨ᠎ᠠ᠃ | 1943 ᠣᠨ ᠤ 5 ᠰᠠᠷ᠎ᠠ ᠶᠢᠨ ᠡᠬᠢᠨ ᠳᠤ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠡᠾᠤᠪᠸᠢ ᠶᠢᠨ ᠵᠡᠭᠦᠨ ᠬᠡᠰᠡᠭ ᠣᠷᠣᠨ ᠤ ᠨᠠᠮ ᠤᠨ ᠬᠤᠷᠢᠶ᠎ᠠ | ᠲᠣᠭᠲᠠᠭᠠᠯ ᠭᠠᠷᠭᠠᠵᠤ ᠴᠧᠩᠳᠤ ᠂ ᠫᠢᠩᠴᠢᠣᠸᠠᠨ᠂ ᠨᠢᠩᠴᠧᠩ ᠤᠨ ᠬᠠᠮᠲᠤᠷᠠᠭᠰᠠᠨ ᠰᠢᠶᠠᠨ ᠪᠠᠶᠢᠭᠤᠯᠵᠤ᠂ ᠫᠸᠢ ᠸᠤᠨ ᠾᠧ ᠵᠢᠷᠭᠤᠳᠤᠭᠠᠷ ᠲᠣᠭᠤᠷᠢᠭ ᠤᠨ ︵ | ᠳ᠋ᠢᠶᠠᠨ ᠽᠢ᠂ ᠾᠧᠢ ᠱᠢ ᠭᠧᠤ ᠪᠣᠯᠤᠨ ᠲᠠᠪᠢᠨ ᠭᠡᠷ ᠠᠴᠠ ᠡᠮᠦᠨᠡᠰᠢ ᠬᠡᠰᠡᠭ︶ ᠳᠠᠷᠤᠭ᠎ᠠ ᠪᠥᠭᠡᠳ ᠵᠣᠭᠤᠰ ᠵᠤᠭ᠎ᠠ ᠠᠮᠤ ᠪᠤᠳᠠᠭ᠎ᠠ ᠶᠢᠨ ᠲᠤᠰᠠᠯᠠᠭᠴᠢ ᠶᠢᠨ | ᠲᠤᠰᠢᠶᠠᠯ ᠢ ᠬᠠᠷᠢᠭᠤᠴᠠᠵᠤ ᠪᠠᠶᠢᠪᠠ᠃ ᠵᠢᠷᠭᠤᠳᠤᠭᠠᠷ ᠲᠣᠭᠤᠷᠢᠭ ᠤᠨ ᠨᠣᠲᠤᠭ ᠤᠨ ᠠᠩᠬᠢ ᠶᠢ ᠬᠠᠮᠵᠢᠵᠤ᠂ ᠢᠦᠢ ᠱᠦ ᠯᠢᠨ ᠽᠢ ᠶᠢᠨ ᠴᠠᠭᠳᠠᠭ᠎ᠠ ᠶᠢᠨ ᠭᠠᠵᠠᠷ ᠢ | ᠳᠠᠭᠠᠷᠢᠵᠠᠢ᠃ 8 ᠰᠠᠷ᠎ᠠ ᠳᠤ᠂ ᠫᠠᠨ ᠳ᠋ᠣᠣ ᠯᠢᠶᠠᠩ ᠤᠨ ᠪᠠᠶᠢᠯᠳᠤᠭᠠᠨ ᠳᠤ ᠣᠷᠣᠯᠴᠠᠵᠤ᠂ ᠬᠠᠭᠤᠷᠮᠠᠭ ᠬᠠᠷᠠᠴᠢᠨ ᠳᠤᠮᠳᠠᠳᠤ ᠬᠤᠰᠢᠭᠤ ᠶᠢᠨ ᠵᠣᠬᠢᠴᠠᠭᠤᠯᠤᠨ | ᠨᠡᠶᠢᠴᠡᠭᠦᠯᠬᠦ ᠨᠡᠶᠢᠭᠡᠮᠯᠢᠭ ᠤᠨ ᠬᠡᠷᠡᠭ ᠶᠠᠪᠤᠳᠠᠯ ᠤᠨ ᠳᠠᠷᠤᠭ᠎ᠠ ᠶᠠᠫᠣᠨ ᠬᠥᠮᠦᠨ ᠨᠢᠰᠢᠨᠠ ᠨᠦᠪᠦ᠋ᠤᠤ ᠪᠠ ᠴᠡᠷᠢᠭ ᠤᠨ ᠴᠠᠭᠳᠠᠭ᠎ᠠ ᠶᠢᠨ ᠠᠩᠭᠢ ᠶᠢᠨ ᠳᠠᠷᠤᠭ᠎ᠠ ᠶᠢ | ᠠᠯᠠᠵᠠᠢ᠃ | 1944 ᠣᠨ ᠤ 4 ᠰᠠᠷ᠎ᠠ ᠶᠢᠨ 28 ᠤ ᠡᠳᠦᠷ ᠤᠨ ᠦᠦᠷ ᠢᠶᠠᠷ᠂ ᠫᠸᠢ ᠸᠤᠨ ᠾᠧ ᠫᠢᠩ ᠴᠢᠤᠸᠠᠨ ᠤ ᠳᠡᠭᠡᠷ᠎ᠡ ᠯᠠᠮᠠ ᠶᠢᠨ ᠮᠠᠯᠠᠭᠠᠶ ᠭᠤᠤ ᠶᠢᠨ ᠯᠢᠦ | ᠱᠧᠩ ᠤᠨ ᠭᠡᠷ ᠲᠤ᠂ ᠤᠷᠪᠠᠭᠴᠢ ᠨᠢᠭᠤᠴᠠ ᠶᠢ ᠵᠠᠳᠠᠷᠠᠭᠤᠯᠤᠭᠰᠠᠨ ᠢᠶᠠᠷ ᠶᠠᠫᠣᠨ ᠴᠡᠷᠢᠭ ᠬᠠᠭᠤᠷᠮᠠᠭ ᠴᠡᠷᠢᠭ ᠲᠤ ᠪᠦᠰᠡᠯᠡᠭᠳᠡᠵᠦ᠂ ᠪᠦᠰᠡᠯᠡᠯᠲᠡ ᠶᠢ ᠰᠢᠪᠲᠤᠯᠬᠤ | ᠦᠶ᠎ᠡ ᠳᠤ ᠰᠤᠮᠤᠨ ᠳᠤ ᠳᠠᠭᠠᠷᠢᠭᠳᠠᠵᠤ ᠪᠡᠶ᠎ᠡ ᠦᠷᠡᠭᠳᠡᠪᠡ᠃ ᠳᠠᠶᠢᠰᠤᠨ ᠬᠠᠷᠭᠢᠰ ᠬᠡᠷᠴᠡᠭᠡᠶ ᠪᠠᠷ ᠫᠸᠢ ᠸᠤᠨ ᠾᠧ ᠶᠢᠨ ᠲᠡᠷᠢᠭᠦᠨ ᠢ ᠴᠠᠪᠴᠢᠵᠤ ᠳᠡᠭᠡᠳᠦ | ᠱᠠᠲᠤᠨ ᠳᠠᠭᠠᠨ ᠭᠠᠪᠢᠶ᠎ᠠ ᠲᠡᠮᠳᠡᠭᠯᠡᠭᠦᠯᠬᠦ ᠪᠠᠷ ᠮᠡᠳᠡᠭᠦᠯᠵᠡᠢ᠃ ᠳᠠᠶᠢᠰᠤᠨ ᠶᠠᠪᠤᠭᠰᠠᠨ ᠤ ᠳᠠᠷᠠᠭ᠎ᠠ᠂ ᠲᠤᠬᠠᠶ ᠶᠢᠨ ᠭᠠᠵᠠᠷ ᠤᠨ ᠤᠯᠠᠨ ᠲᠦᠮᠡᠨ ᠲᠡᠭᠦᠨ ᠤ ᠲᠣᠯᠣᠭᠠᠶ | ᠦᠭᠡᠢ ᠬᠡᠭᠦᠷ ᠢ ᠠᠷᠤ ᠯᠠᠮᠠ ᠶᠢᠨ ᠭᠤᠤ ᠳᠤ ᠣᠷᠣᠰᠢᠭᠤᠯᠵᠠᠢ᠃ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ᠂ ᠬᠡᠭᠦᠷ ᠢ ᠨᠢ ᠤᠭ ᠨᠤᠲᠤᠭ ᠲᠤ ᠨᠢ | ᠠᠪᠠᠴᠢᠵᠤ ᠣᠷᠣᠰᠢᠭᠤᠯᠤᠭᠰᠠᠨ ᠪᠠᠶᠢᠨ᠎ᠠ᠃ | |