ᠠᠶᠢᠯ ᠳᠤ ᠣᠷᠣᠬᠤ ᠳᠤ ᠪᠠᠨ ᠮᠠᠯᠠᠭᠠᠢ ᠪᠠᠨ ᠪᠦᠴᠡᠯᠡᠵᠦ ᠢᠷᠡᠭᠰᠡᠨ ᠪᠣᠯ ᠮᠠᠯᠠᠭᠠᠢ ᠶᠢᠨ ᠢᠶᠠᠨ ᠪᠦᠴᠡ ᠶᠢ ᠲᠠᠶᠢᠯᠬᠤ ᠦᠭᠡᠢ ᠣᠷᠣᠬᠤ ᠶᠢ ᠴᠡᠭᠡᠷᠯᠡᠵᠦ᠂ ᠲᠠᠶᠢᠯᠵᠤ | ᠣᠷᠣᠳᠠᠭ ᠶᠣᠰᠤ ᠲᠠᠢ᠃ | ᠡᠮᠡᠭᠲᠡᠶᠢᠴᠦᠳ ᠳᠡᠪᠡᠯ ᠲᠡᠷᠯᠢᠭ ᠢᠶᠠᠨ ᠲᠣᠪᠴᠢᠯᠠᠬᠤ ᠦᠭᠡᠢ ᠡᠩᠬᠡᠯᠳᠡᠭ ᠪᠤᠶᠤ ᠨᠦᠮᠦᠷᠭᠡᠨ ᠶᠠᠪᠤᠬᠤ ᠶᠢ ᠴᠡᠭᠡᠷᠯᠡᠳᠡᠭ᠃ ᠠᠶᠢᠯ ᠳᠤ ᠣᠷᠣᠬᠤ ᠳᠤ ᠪᠠᠨ | ᠬᠤᠷᠣᠮᠤᠢ ᠰᠢᠭᠤᠵᠤ ᠬᠠᠨᠴᠤᠢ ᠰᠢᠮᠠᠯᠠᠨ᠂ ᠬᠢᠲᠤᠭ᠎ᠠ ᠪᠠᠨ ᠵᠡᠭᠦᠭᠰᠡᠨ ᠶᠣᠰᠣ ᠪᠠᠷ ᠪᠦᠰᠡᠨ ᠳᠤ ᠪᠠᠨ ᠬᠠᠪᠴᠢᠭᠤᠯᠤᠨ ᠣᠷᠣᠬᠤ ᠶᠢ ᠴᠡᠭᠡᠷᠯᠡᠨ᠎ᠡ᠃ ᠡᠰᠡ ᠪᠣᠯ ᠶᠣᠰᠤ | ᠠᠯᠳᠠᠨ᠎ᠠ᠃ ᠠᠶᠢᠯ ᠳᠤ ᠣᠷᠣᠬᠤ ᠳᠤ ᠪᠠᠨ ᠮᠠᠯᠠᠭᠠᠢ ᠡᠮᠦᠰᠬᠦ ᠪᠤᠶᠤ ᠠᠯᠴᠢᠭᠤᠷ ᠪᠣᠭᠤᠵᠤ ᠣᠷᠣᠨ᠂ ᠲᠣᠯᠣᠭᠠᠢ ᠨᠢᠴᠦᠭᠦᠨ᠂ ᠦᠰᠦ ᠪᠠᠨ ᠰᠡᠭᠰᠡᠶᠢᠯᠭᠡᠭᠡᠳ | ᠣᠷᠣᠬᠤ ᠶᠢ ᠴᠡᠭᠡᠷᠯᠡᠳᠡᠭ᠃ | ᠠᠶᠢᠯ ᠳᠤ ᠣᠷᠣᠬᠤ ᠳᠤ ᠪᠠᠨ ᠵᠠᠭᠠᠮ᠎ᠠ ᠬᠤᠭᠤᠯᠠᠪᠴᠢ ᠪᠠᠨ ᠵᠠᠰᠠᠵᠤ ᠲᠡᠭᠰᠢᠯᠡᠬᠦ ᠦᠭᠡᠢ ᠪᠠᠶᠢᠬᠤ ᠶᠢ ᠬᠢᠴᠢᠶᠡᠨ᠎ᠡ᠃ ᠠᠬᠠᠮᠠᠳ ᠳᠡᠭᠡᠷ᠎ᠡ ᠦᠶ᠎ᠡ ᠶᠢᠨ ᠳᠡᠷᠭᠡᠳᠡ | ᠤᠤᠵᠢ ᠪᠠᠨ ᠲᠠᠶᠢᠯᠬᠤ᠂ ᠬᠤᠷᠮᠣᠢ ᠰᠢᠭᠤᠬᠤ᠂ ᠡᠩᠭᠡᠷ ᠵᠠᠭᠠᠮ᠎ᠠ ᠪᠠᠨ ᠵᠠᠳᠠᠯᠬᠤ᠂ ᠳᠡᠪᠡᠯ ᠤᠨ ᠲᠣᠪᠴᠢ ᠪᠠᠨ ᠲᠠᠶᠢᠯᠬᠤ ᠶᠢ ᠴᠡᠭᠡᠷᠯᠡᠨ᠎ᠡ᠃ | ᠡᠩᠭᠡᠷ ᠢᠶᠠᠨ ᠪᠦᠰᠡᠨ ᠳᠤ ᠪᠠᠨ ᠬᠠᠪᠴᠢᠭᠤᠯᠬᠤ ᠶᠢ ᠴᠡᠭᠡᠷᠯᠡᠨ᠎ᠡ᠂ ᠪᠡᠯᠪᠡᠰᠦᠷᠡᠯ ᠭᠠᠰᠢᠭᠤᠳᠠᠯ ᠤᠨ ᠦᠶ᠎ᠡ ᠳᠤ ᠰᠠᠶ᠋ᠢ ᠢᠩᠬᠢᠳᠡᠭ᠃ | ᠠᠯᠢᠪᠠ ᠶᠣᠰᠣᠯᠠᠯ᠂ ᠠᠭᠤᠯᠵᠠᠯᠲᠠ ᠬᠢᠬᠦ ᠳᠤ ᠮᠠᠯᠠᠭᠠᠢ ᠦᠭᠡᠢ ᠪᠠᠶᠢᠬᠤ ᠶᠢ ᠴᠡᠭᠡᠷᠯᠡᠨ᠎ᠡ᠃ ︵︽ᠮᠣᠩᠭᠤᠯ ᠤᠨ ᠴᠡᠭᠡᠷ ᠤᠨ ᠴᠢᠭᠤᠯᠭᠠᠨ︾ ᠠᠴᠠ ᠰᠦᠯᠳᠡ | ᠰᠢᠯᠢᠨ ᠨᠠᠶᠢᠷᠠᠭᠤᠯᠪᠠ︶ | |