| | 8 ᠰᠠᠷ᠎ᠠ ᠶᠢᠨ 17 ᠤ ᠡᠳᠦᠷ᠂ ᠬᠠᠩᠭᠢᠨ ᠬᠤᠰᠢᠭᠤᠨ ᠤ ᠶᠡᠷᠦᠩᠬᠡᠶᠢᠯᠡᠭᠰᠡᠨ ᠮᠦᠽᠧᠢ ᠰᠢᠨ᠎ᠡ ᠥᠩᠭᠡ ᠳᠦᠷᠬᠦ ᠪᠠᠷ ᠦᠵᠡᠭᠴᠢᠳ ᠢᠶᠠᠨ ᠬᠦᠯᠢᠶᠡᠨ ᠠᠪᠤᠯ᠎ᠠ | ᠃ ᠬᠠᠩᠭᠢᠨ ᠬᠤᠰᠢᠭᠤᠨ ᠨᠢ ᠶᠡᠷᠦᠩᠬᠡᠶᠢᠯᠡᠭᠰᠡᠨ ᠮᠦᠽᠧᠢ ᠨᠢ 2009 ᠣᠨ ᠳᠤ ᠪᠠᠶᠢᠭᠤᠯᠤᠭᠳᠠᠵᠤ᠂ 2023 ᠣᠨ ᠳᠤ ᠲᠡᠰ ᠳᠡᠪᠰᠢᠭᠦᠯᠦᠨ ᠥᠭᠡᠷᠡᠴᠢᠯᠡᠬᠦ | ᠠᠵᠢᠯ ᠢ ᠡᠬᠢᠯᠡᠭᠦᠯᠪᠡ᠃ ᠥᠭᠡᠷᠡᠴᠢᠯᠡᠨ ᠰᠢᠨᠡᠳᠬᠡᠭᠰᠡᠨ ᠤ ᠳᠠᠷᠠᠭᠠᠬᠢ ᠮᠦᠽᠧᠢ ᠶᠢᠨ ᠡᠵᠡᠯᠡᠬᠦ ᠲᠠᠯᠠᠪᠠᠢ ᠨᠢ 6000 ᠳᠡᠭᠰᠢ ᠳᠥᠷᠪᠡᠯᠵᠢᠨ ᠮᠧᠳ᠋ᠷ ᠲᠤ ᠬᠦᠷᠴᠦ | ᠦᠵᠡᠭᠦᠯᠭᠡ᠂ ᠬᠠᠳᠠᠭᠠᠯᠠᠮᠵᠢ᠂ ᠰᠤᠳᠤᠯᠭ᠎ᠠ ᠪᠠ ᠬᠥᠮᠥᠵᠢᠯ ᠢ ᠨᠢᠭᠡ ᠴᠣᠭᠴᠠᠵᠢᠭᠤᠯᠤᠭᠰᠠᠨ ᠰᠢᠶᠠᠨ ᠤ ᠲᠡᠰ ᠤᠨ ᠮᠦᠽᠧᠢ ᠪᠣᠯᠪᠠ᠃ ᠨᠡᠶᠢᠲᠡ 3 ᠳᠠᠪᠬᠤᠷᠭ᠎ᠠ 5 | ᠦᠵᠡᠭᠦᠯᠭᠡ ᠶᠢᠨ ᠲᠢᠩᠬᠢᠮ ᠲᠠᠢ᠂ ᠨᠢᠭᠡᠳᠦᠭᠡᠷ ᠳᠠᠪᠬᠤᠷᠭ᠎ᠠ ᠳᠤ ᠲᠡᠦᠬᠡ ᠰᠣᠶᠣᠯ ᠪᠠ ᠨᠡᠭᠦᠳᠡᠯ ᠰᠣᠶᠣᠯ ᠤᠨ ᠦᠵᠡᠭᠦᠯᠭᠡ᠂ ᠬᠤᠶᠠᠳᠤᠭᠠᠷ ᠳᠠᠪᠬᠤᠷᠭ᠎ᠠ ᠳᠤ | ᠳᠠᠷᠢᠶᠠᠯᠠᠬᠤ ᠰᠣᠶᠣᠯ ᠪᠠ ᠡᠯᠡᠰᠦ ᠶᠢ ᠵᠠᠰᠠᠭᠰᠠᠨ ᠦᠢᠯᠡ ᠶᠠᠪᠤᠳᠠᠯ ᠤᠨ ᠦᠵᠡᠭᠦᠯᠭᠡ᠂ ᠭᠤᠷᠪᠠᠳᠤᠭᠠᠷ ᠳᠠᠪᠬᠤᠷᠭ᠎ᠠ ᠳᠤ ᠣᠳᠣ ᠦᠶ᠎ᠡ ᠶᠢᠨ ᠬᠤᠪᠣᠷ ᠨᠠᠨᠳᠢᠨ | ᠬᠠᠳᠠᠭᠠᠯᠠᠮᠵᠢ ᠪᠠ ᠤᠷᠠᠨ ᠪᠢᠴᠢᠯᠭᠡ ᠤᠷᠠᠨ ᠵᠢᠷᠤᠭ ᠤᠨ ᠦᠵᠡᠭᠦᠯᠭᠡ ᠶᠢ ᠲᠣᠬᠢᠷᠠᠭᠤᠯᠪᠠ᠃ ᠮᠦᠽᠧᠢ ᠳᠤ 13000 ᠭᠠᠷᠤᠢ ᠲᠡᠦᠬᠡ ᠶᠢᠨ ᠳᠤᠷᠠᠰᠬᠠᠯᠲᠤ ᠵᠦᠢᠯ ᠢ | ᠬᠠᠳᠠᠭᠠᠯᠠᠵᠤ᠂ ᠤᠯᠤᠰ ᠤᠨ ᠨᠢᠭᠡᠳᠦᠭᠡᠷ ᠲᠡᠰ ᠤᠨ ᠲᠡᠦᠬᠡ ᠶᠢᠨ ᠳᠤᠷᠠᠰᠬᠠᠯᠲᠤ ᠵᠦᠢᠯ 1᠂ ᠤᠯᠤᠰ ᠤᠨ ᠬᠤᠶᠠᠳᠤᠭᠠᠷ ᠲᠡᠰ ᠤᠨ ᠲᠡᠦᠬᠡ ᠶᠢᠨ ᠳᠤᠷᠠᠰᠬᠠᠯᠲᠤ ᠵᠦᠢᠯ | 3᠂ ᠤᠯᠤᠰ ᠤᠨ ᠭᠤᠷᠪᠠᠳᠤᠭᠠᠷ ᠲᠡᠰ ᠤᠨ ᠲᠡᠦᠬᠡ ᠶᠢᠨ ᠳᠤᠷᠠᠰᠬᠠᠯᠲᠤ ᠵᠦᠢᠯ 43 ᠪᠣᠢ᠃ ᠡᠭᠦᠨ ᠠᠴᠠ ᠭᠠᠳᠠᠨ᠎ᠠ ᠡᠷᠲᠡᠨ ᠤ ᠠᠮᠢᠳᠤ ᠪᠣᠳᠠᠰ ᠤᠨ ᠴᠢᠯᠠᠭᠤᠵᠢᠮᠠᠯ᠂ | ᠡᠷᠲᠡᠨ ᠤ ᠴᠢᠯᠠᠭᠤᠨ ᠵᠡᠪᠰᠡᠭ᠂ ᠣᠷᠳᠣᠰ ᠤᠨ ᠬᠦᠷᠡᠯ ᠪᠠᠭᠠᠵᠢ᠂ ᠴᠢᠨ ᠤᠯᠤᠰ ᠬᠠᠨ ᠤᠯᠤᠰ ᠤᠨ ᠦᠶ᠎ᠡ ᠶᠢᠨ ᠲᠡᠦᠬᠡ ᠶᠢᠨ ᠳᠤᠷᠠᠰᠬᠠᠯᠲᠤ ᠵᠦᠢᠯᠡᠰ ᠪᠠ ᠣᠷᠴᠢᠨ | ᠦᠶ᠎ᠡ ᠶᠢᠨ ᠲᠡᠦᠬᠡ ᠶᠢᠨ ᠳᠤᠷᠠᠰᠬᠠᠯᠲᠤ ᠵᠦᠢᠯᠡᠰ ᠢ ᠳᠡᠯᠭᠡᠨ ᠦᠵᠡᠭᠦᠯᠵᠤ ᠪᠣᠢ᠃ | | | | | | | | | | | |