ᠮᠤᠩᠭᠤᠯᠴᠣᠤᠨ ᠤᠨ ᠤᠷᠤᠭ ᠬᠤᠷᠢᠮ ᠳᠤ ᠡᠳᠦᠢ ᠳᠡᠳᠦᠢ ᠴᠡᠭᠡᠷ ᠶᠣᠰᠣᠨ ᠪᠠᠶᠢᠳᠠᠭ᠃ | ᠨᠢᠭᠡ ᠭᠡᠷ ᠨᠢᠭᠡ ᠵᠢᠯ ᠬᠤᠶᠠᠷ ᠬᠤᠷᠢᠮ ᠬᠢᠬᠦ ᠶᠢ ᠴᠡᠭᠡᠷᠯᠡᠬᠦ᠂ ᠢᠯᠡᠭᠦᠦ ᠰᠠᠷ᠎ᠠ ᠲᠠᠢ ᠵᠢᠯ ᠬᠡᠦᠬᠡᠨ ᠥᠭᠬᠦ ᠶᠢ ᠴᠡᠭᠡᠷᠯᠡᠬᠦ᠂ ᠬᠡᠦᠬᠡᠨ ᠮᠣᠷᠳᠠᠭᠤᠯᠬᠤ ᠳᠤ ᠡᠴᠢᠭᠡ ᠨᠢ | ᠶᠠᠪᠤᠬᠤ ᠶᠢ ᠴᠡᠭᠡᠷᠯᠡᠬᠦ ︵ᠡᠨᠡ ᠨᠢ ︽ᠡᠬᠡ ᠮᠣᠷᠳᠠᠯᠲᠠ ᠳᠤ᠂ ᠡᠴᠢᠭᠡ ᠡᠷᠭᠢᠯᠲᠡ ᠳᠤ︾ ᠭᠡᠳᠡᠭ ᠠᠴᠠ ᠪᠣᠯᠤᠬᠰᠠᠨ ᠪᠠᠶᠢᠯᠲᠠᠢ︶᠂ ᠰᠢᠨ᠎ᠡ ᠪᠡᠷᠢ ᠲᠣᠰᠬᠤ ᠳᠤ ᠯᠠᠮᠠ | ᠴᠢᠪᠠᠭᠠᠨᠴᠠ᠂ ᠪᠡᠯᠪᠡᠰᠦᠨ ᠭᠤᠤᠨᠢ ᠤᠯᠤᠰ ᠤᠬᠳᠤᠬᠤ ᠶᠢ ᠴᠡᠭᠡᠷᠯᠡᠬᠦ᠂ ᠬᠡᠦᠬᠡᠨ ᠢ ᠪᠡᠯᠪᠡᠰᠦᠨ ᠪᠦᠰᠡᠭᠦᠢ ᠭᠤᠤᠨᠢ ᠡᠷ᠎ᠡ ᠬᠦᠷᠭᠡᠬᠦ ᠶᠢ ᠴᠡᠭᠡᠷᠯᠡᠬᠦ᠂ ᠰᠠᠭᠠᠳᠠᠭ ᠲᠤ | ᠤᠷᠤᠬᠯᠠᠭᠠᠳᠤᠢ ᠵᠠᠯᠠᠭᠤ ᠬᠦᠮᠦᠨ ᠶᠠᠪᠤᠬᠤ ᠶᠢ ᠴᠡᠭᠡᠷᠯᠡᠬᠦ᠂ ᠰᠢᠨ᠎ᠡ ᠪᠡᠷᠢ ᠶᠢᠨ ᠡᠳ᠋ᠯᠡᠯ ᠬᠡᠷᠡᠭᠰᠡᠯ ᠢ ᠵᠠᠮ ᠳᠠᠭᠠᠨ ᠲᠠᠯᠪᠢᠬᠤ ᠶᠢ ᠴᠡᠭᠡᠷᠯᠡᠬᠦ᠂ ᠬᠤᠷᠢᠮ ᠨᠠᠶᠢᠷ ᠳᠡᠭᠡᠷ᠎ᠡ | ᠪᠡᠯᠭᠡ ᠳᠡᠮᠪᠡᠷᠢᠯ ᠦᠭᠡᠢ ᠦᠭᠡ ᠬᠡᠯᠡᠬᠦ᠂ ᠯᠦᠢᠪᠠᠷᠳᠠᠬᠤ᠂ ᠬᠡᠷᠡᠭᠦᠯ ᠴᠣᠤᠬᠢᠶᠠᠨ ᠡᠭᠦᠰᠭᠡᠬᠦ ᠶᠢ ᠴᠡᠭᠡᠷᠯᠡᠬᠦ᠂ ᠰᠠᠭᠠᠳᠠᠭ ᠤᠨ ᠤᠯᠤᠰ ᠬᠡᠦᠬᠡᠨ ᠬᠦᠷᠭᠡᠭᠰᠡᠨ ᠬᠦᠮᠦᠰ | ᠭᠡᠷ ᠢ ᠪᠣᠷᠤᠭᠤ ᠪᠠᠷ ᠡᠷᠭᠢᠬᠦ ᠶᠢ ᠴᠡᠭᠡᠷᠯᠡᠬᠦ᠂ ᠤᠷᠤᠭ ᠬᠤᠷᠢᠮ ᠳᠤ ᠡᠯᠵᠢᠭᠡ ᠯᠠᠭᠤᠰᠠ ᠵᠡᠷᠭᠡ ᠶᠢᠨ ᠬᠦᠢᠲᠡᠨ ᠬᠤᠰᠢᠭᠤᠳᠤ ᠠᠮᠢᠲᠠᠨ ᠤᠨᠤᠵᠤ ᠬᠥᠯᠬᠦ ᠶᠢ ᠴᠡᠭᠡᠷᠯᠡᠬᠦ᠂ | ᠬᠤᠷᠢᠮ ᠨᠠᠶᠢᠷ ᠳᠡᠭᠡᠷ᠎ᠡ ᠰᠠᠪᠠ ᠰᠠᠭᠠᠯᠢ ᠬᠠᠭᠠᠯᠬᠤ ᠶᠢ ᠴᠡᠭᠡᠷᠯᠡᠬᠦ᠂ ᠭᠠᠭ᠋ᠠᠢ ᠡᠳᠦᠷ ᠬᠤᠷᠢᠮᠯᠠᠬᠤ ᠶᠢ ᠴᠡᠭᠡᠷᠯᠡᠬᠦ ᠭᠡᠬᠦ ᠮᠡᠳᠥ ᠶᠢᠨ ᠣᠯᠠᠨ ᠠᠷᠪᠢᠨ ᠴᠡᠭᠡᠷ ᠶᠣᠰᠣᠨ ᠪᠤᠢ | ᠃ ᠮᠤᠩᠭᠤᠯᠴᠣᠤᠨ ᠬᠤᠷᠢᠮ ᠨᠠᠶᠢᠷ ᠢ ᠪᠠᠶᠠᠨ ᠡᠯᠳᠡᠩ᠂ ᠬᠥᠷ ᠨᠠᠷᠭᠢᠶᠠᠨ ᠲᠠᠢ᠂ ᠪᠡᠯᠭᠡ ᠳᠡᠮᠪᠡᠷᠢᠯ ᠲᠠᠢ ᠰᠠᠶᠢᠨ ᠰᠠᠶᠢᠬᠠᠨ ᠬᠢᠬᠦ ᠶᠢ ᠣᠨᠴᠠ ᠡᠷᠬᠢᠮᠯᠡᠵᠦ ︽ | ᠪᠡᠯᠴᠢᠭᠡᠷ ᠤᠨ ᠰᠠᠶᠢᠨ ᠢᠶᠠᠷ ᠮᠠᠯ ᠲᠠᠷᠭᠤᠯᠠᠳᠠᠭ᠂ ᠪᠡᠯᠭᠡ ᠶᠢᠨ ᠰᠠᠶᠢᠨ ᠢᠶᠠᠷ ᠬᠦᠮᠦᠨ ᠪᠠᠶᠠᠵᠢᠳᠠᠭ︾ ᠬᠡᠮᠡᠨ ᠦᠵᠡᠵᠦ ᠬᠤᠷᠢᠮ ᠨᠠᠶᠢᠷ ᠲᠤ ᠤᠶᠢᠣᠨᠬᠠᠷ ᠭᠤᠨᠢᠭᠲᠠᠢ | ᠳᠠᠭᠤᠤ ᠳᠠᠭᠤᠯᠠᠬᠤ ᠶᠢ ᠮᠠᠰᠢᠳᠠ ᠴᠡᠭᠡᠷᠯᠡᠵᠦ ᠪᠡᠯᠭᠡ ᠢᠷᠦᠭᠡᠯ ᠲᠠᠢ ᠪᠠᠶᠠᠰᠤᠩᠭᠤᠢ ᠠᠭᠤᠯᠬᠤᠨ ᠲᠠᠢ ᠳᠠᠭᠤᠤ ᠳᠠᠭᠤᠯᠠᠳᠠᠭ᠃ | ᠶᠠᠷᠢᠶᠠᠨ ᠦᠭᠡᠢ᠂ ᠮᠤᠩᠭᠤᠯᠴᠣᠤᠨ ᠤᠨ ᠡᠶᠢᠮᠦᠷᠬᠦᠦ ᠤᠯᠠᠮᠵᠢᠯᠠᠯᠲᠤ ᠵᠠᠩᠰᠢᠯ ᠶᠣᠰᠣᠨ ᠢ ᠡᠳᠦᠭᠡ ᠡᠷᠢᠨ ᠳᠤ ᠶᠠᠭᠤ ᠪᠦᠬᠦᠨ ᠢ ᠨᠢ ᠴᠦᠮ ᠶᠣᠰᠤᠴᠢᠯᠠᠨ | ᠳᠠᠭᠠᠨ᠎ᠠ ᠭᠡᠰᠡᠨ ᠳᠣᠬᠲᠠᠭᠠᠯ ᠱᠠᠭᠠᠷᠳᠠᠯᠭ᠎ᠠ ᠪᠠᠶᠢᠬᠤ ᠦᠭᠡᠢ᠃ ᠭᠡᠬᠦ ᠳᠤ ᠣᠯᠠᠩᠬᠢ ᠴᠡᠭᠡᠷ ᠶᠣᠰᠣᠨ ᠳᠤᠨᠢ ᠪᠠᠶᠠᠷ ᠵᠢᠷᠭᠠᠯ᠂ ᠪᠠᠶᠠᠨ ᠡᠷᠬᠢᠮ᠂ ᠰᠠᠶᠢᠨ ᠰᠠᠶᠢᠬᠠᠨ᠂ | ᠪᠦᠷᠢᠨ ᠪᠦᠳᠦᠨ ᠢ ᠬᠦᠰᠡᠨ ᠡᠷᠡᠮᠡᠯᠵᠡᠭᠰᠡᠨ ᠪᠡᠯᠭᠡ ᠳᠡᠮᠪᠡᠷᠢᠯ ᠲᠠᠢ ᠠᠷᠢᠭᠤᠨ ᠴᠠᠶᠢᠯᠭᠠᠨ ᠪᠣᠯᠪᠠᠰᠤᠨ ᠰᠠᠨᠠᠭ᠎ᠠ ᠠᠭᠤᠯᠤᠬᠳᠠᠵᠤ ᠪᠠᠶᠢᠭ᠎ᠠ ᠨᠢ ᠦᠨᠡᠨᠲᠡᠢ ᠶᠤᠮ᠃ ︽ | ᠮᠤᠩᠭᠤᠯ ᠬᠦᠮᠦᠨ ᠪᠡᠯᠭᠡ ᠪᠠᠷ︾ ᠭᠡᠳᠡᠭ᠃ ᠮᠤᠩᠭᠤᠯ ᠬᠤᠷᠢᠮ ᠤᠨ ᠶᠣᠰᠣᠨ ᠢ ᠡᠮᠬᠢᠯᠡᠨ ᠰᠣᠳᠣᠯᠵᠤ᠂ ᠰᠢᠨ᠎ᠡ ᠴᠠᠭ ᠤᠨ ᠠᠮᠢᠳᠤᠷᠠᠯ ᠠᠬᠤᠢ ᠳᠠᠭᠠᠨ ᠠᠮᠢᠳᠤᠯᠢᠭ | ᠠᠰᠢᠬᠯᠠᠬᠤ ᠨᠢ ᠵᠥᠪᠬᠡᠨ ᠤᠯᠠᠮᠵᠢᠯᠠᠬᠤ ᠳᠡᠳᠦᠢ ᠯᠠ ᠪᠢᠰᠢ᠂ ᠨᠡᠩ ᠴᠢᠨᠠᠬᠰᠢᠲᠠ ᠮᠤᠩᠭᠤᠯ ᠵᠠᠩ ᠤᠶᠢᠯᠡ᠂ ᠬᠤᠷᠢᠮ ᠶᠣᠰᠣᠯᠠᠯ᠂ ᠢᠷᠦᠭᠡᠯ ᠮᠠᠬᠲᠠᠭᠠᠯ᠂ ᠰᠤᠷᠭᠠᠯ | ᠰᠣᠷᠲᠠᠬᠤᠨ ᠢ ᠰᠤᠳᠣᠯᠤᠨ ᠰᠢᠨᠵᠢᠯᠡᠵᠦ ᠰᠢᠯᠢᠳᠡᠭᠵᠢᠭᠦᠯᠦᠨ ᠰᠢᠯᠢᠭᠡᠳ ᠨᠡᠶᠢᠭᠡᠮ ᠨᠡᠶᠢᠲᠡ ᠶᠢᠨ ᠬᠥᠳᠡᠯᠭᠡᠭᠡᠨ ᠳᠤ ᠠᠪᠴᠠᠯᠳᠤᠭᠤᠯᠤᠨ ᠬᠡᠷᠡᠭᠯᠡᠬᠦ ᠨᠢ ᠨᠢᠭᠡ ᠶᠣᠰᠣᠨ ᠤ | ᠮᠤᠩᠭᠤᠯ ᠰᠣᠶᠣᠯ ᠤᠨ ᠥᠷᠨᠢᠭᠦᠯᠦᠯ ᠭᠡᠵᠦ ᠬᠡᠯᠡᠵᠦ ᠪᠣᠯᠤᠨ᠎ᠠ᠃ | |