ᠮᠤᠩᠭᠤᠯᠴᠤᠳ ᠤᠨ ᠨᠢᠲᠤᠨ ᠲᠤ᠂ ᠲᠡᠷᠡᠴᠢᠯᠡᠨ ᠰᠡᠳᠬᠢᠯ ᠳᠤ ᠠᠷᠭᠠᠯ ᠭᠡᠵᠦ ᠵᠦᠪᠬᠡᠨ ᠦᠬᠡᠷ ᠮᠠᠯ ᠤᠨ ᠢᠯᠭᠠᠲᠠᠰᠤ ᠲᠡᠲᠦᠢ ᠪᠢᠰᠢ᠂ ᠮᠦᠨ ᠴᠤ ᠡᠩ ᠤᠨ | ᠠᠭᠤᠯᠭ᠎ᠠ ᠲᠡᠭᠡᠷᠡᠬᠢ ᠰᠢᠲᠠᠭᠠᠯᠭ᠎ᠠ ᠲᠦᠯᠡᠰᠢ ᠴᠤ ᠪᠢᠰᠢ᠂ ᠬᠠᠷᠢᠨ ᠮᠤᠲᠤ ᠲᠦᠯᠡᠭᠡ᠂ ᠨᠡᠬᠦᠷᠡᠰᠦ ᠬᠢᠭᠡᠳ ᠰᠢᠲᠠᠮᠠᠬᠠᠢ ᠬᠡᠢ ᠮᠡᠲᠦ ᠶᠢᠨ ᠤᠳᠤ ᠦᠶ᠎ᠡ ᠶᠢᠨ ᠶᠠᠮᠠᠷ ᠴᠤ | ᠰᠢᠲᠠᠭᠠᠯᠭ᠎ᠠ ᠪᠠᠷ ᠤᠷᠤᠯᠠᠭᠤᠯᠵᠤ ᠲᠡᠶᠢᠯᠦᠰᠢ ᠦᠭᠡᠢ ᠰᠤᠶᠤᠯ ᠰᠡᠳᠬᠢᠬᠦᠢ ᠶᠢᠨ ᠠᠴᠢᠶᠠᠯᠠᠪᠤᠷᠢ ᠪᠤᠯᠤᠬᠰᠠᠨ ᠪᠠᠶᠢᠳᠠᠭ᠃ | ᠮᠠᠯᠴᠢᠨ ᠮᠤᠩᠭᠤᠯᠴᠤᠳ ᠲᠠᠪᠤᠨ ᠬᠤᠰᠢᠭᠤ ᠮᠠᠯ ᠤᠨ ᠢᠶᠠᠨ ᠪᠠᠭᠠᠰᠦ ᠶᠢ ᠠᠳᠠᠯᠢ ᠪᠤᠰᠤ ᠪᠠᠷ ᠨᠡᠷᠡᠯᠡᠲᠡᠭ᠃ ᠬᠤᠨᠢ᠂ ᠢᠮᠠᠭ᠎ᠠ᠂ ᠲᠡᠮᠡᠭᠡᠨ ᠤ ᠬᠢ ᠶᠢ ᠬᠤᠷᠭᠤᠯ | ᠭᠡᠵᠦ᠂ ᠠᠳᠤᠭᠤᠨ ᠤ ᠬᠢ ᠶᠢ ᠬᠤᠮᠤᠯ ᠭᠡᠵᠦ᠂ ᠦᠬᠡᠷ ᠤᠨ ᠪᠠᠭᠠᠰᠤ ᠶᠢ ᠠᠷᠭᠠᠯ ᠭᠡᠲᠡᠭ᠃ ᠭᠡᠬᠦ ᠳᠡᠭᠡᠨ ᠦᠬᠡᠷ ᠤᠨ ᠪᠠᠭᠠᠰᠤ ᠶᠢ ᠠᠳᠠᠯᠢ ᠪᠢᠰᠢ ᠤᠯᠠᠷᠢᠯ ᠳᠤ ᠮᠦᠨ | ᠪᠠᠰᠠ ᠠᠳᠠᠯᠢ ᠪᠤᠰᠤ ᠨᠡᠷᠡᠯᠡᠲᠡᠭ᠃ ᠡᠪᠦᠯ ᠤᠨ ᠬᠢ ᠶᠢ ᠬᠦᠯᠲᠡᠬᠦᠰᠦ ᠭᠡᠵᠦ᠂ ᠬᠠᠲᠠᠭᠠᠬᠰᠠᠨ ᠢ ᠨᠢ ᠠᠷᠭᠠᠯ ᠭᠡᠨ᠎ᠡ᠃ ᠬᠠᠪᠤᠷ ᠵᠤᠨ ᠤ ᠬᠢ ᠶᠢ ᠰᠢᠷ᠎ᠠ ᠠᠷᠭᠠᠯ᠂ | ᠨᠠᠮᠤᠷ ᠤᠨ ᠬᠢ ᠶᠢ ᠬᠠᠷ᠎ᠠ ᠠᠷᠭᠠᠯ᠂ ᠲᠦᠷᠦᠬᠦᠦ ᠵᠢᠯ ᠤᠨ ᠨᠠᠮᠤᠷ ᠤᠨ ᠬᠢ ᠶᠢ ᠬᠦᠬᠡ ᠠᠷᠭᠠᠯ ᠪᠤᠶᠤ ᠬᠠᠪᠤᠷ ᠤᠨ ᠠᠷᠭᠠᠯ᠂ ᠨᠠᠮᠤᠷ ᠤᠨ ᠠᠷᠭᠠᠯ᠂ ᠡᠪᠦᠯ ᠤᠨ ᠠᠷᠭᠠᠯ | ᠭᠡᠵᠦ ᠬᠤᠪᠢᠶᠠᠨ ᠨᠡᠷᠡᠯᠡᠲᠡᠭ᠃ ᠡᠪᠦᠯ ᠤᠨ ᠤᠯᠠᠷᠢᠯ ᠳᠤ ᠦᠬᠡᠷ ᠤᠨ ᠪᠠᠭᠠᠰᠤ ᠶᠢ ᠤᠪᠤᠭᠠᠯᠠᠵᠤ᠂ ᠬᠠᠪᠤᠷ ᠬᠠᠭᠠᠰ ᠡᠪᠡᠷᠡᠭᠰᠡᠨ ᠤ ᠲᠠᠷᠠᠭ᠎ᠠ ᠲᠠᠯᠠᠩᠯᠠᠨ ᠬᠤᠷᠢᠶᠠᠵᠤ | ᠡᠪᠦᠯ ᠤᠨ ᠲᠦᠯᠡᠰᠢ ᠪᠠᠨ ᠪᠡᠯᠡᠳᠭᠡᠲᠡᠭ᠃ ᠬᠠᠪᠤᠷ᠂ ᠵᠤᠨ᠂ ᠨᠠᠮᠤᠷ ᠤᠨ ᠬᠢ ᠶᠢ ᠭᠤᠤᠯᠳᠠᠭᠤ ᠲᠡᠬᠦᠵᠦ ᠴᠤᠭᠯᠠᠭᠤᠯᠲᠠᠭ᠃ ᠡᠪᠦᠯ ᠤᠨ ᠠᠷᠭᠠᠯ ᠰᠡᠪᠰᠡᠭᠡᠷ ᠵᠦᠭᠡᠯᠡᠨ | ᠲᠣᠯᠠ ᠦᠮᠦᠭ ᠠᠷᠭᠠᠯ ᠭᠡᠬᠦ ᠪᠠ ᠡᠶᠢᠮᠦ ᠠᠷᠭᠠᠯ ᠢᠶᠠᠷ ᠦᠷᠦᠮ᠎ᠡ ᠬᠦᠭᠡᠷᠦᠬᠦᠯᠪᠡᠯ ᠬᠡᠨᠭᠰᠢᠵᠦ ᠰᠢᠲᠠᠭᠲᠠᠬᠤ ᠦᠭᠡᠢ᠂ ᠰᠢᠩᠭᠡ ᠰᠠᠶᠢᠨ ᠰᠠᠭᠤᠲᠠᠬ᠃ ᠨᠠᠮᠤᠷ ᠤᠨ | ᠠᠷᠭᠠᠯ ᠬᠠᠲᠠᠭᠤ ᠪᠤᠯᠬᠤᠷ ᠢᠯᠴᠢ ᠶᠡᠭᠡ᠂ ᠲᠠᠭᠠᠭᠠᠴᠠ ᠰᠠᠶᠢᠲᠠᠢ ᠪᠠᠶᠢᠲᠠᠬ᠃ ᠠᠷᠭᠠᠯ ᠢ ᠬᠦᠷᠲᠡᠯ᠎ᠡ ᠢᠡᠭᠬᠢᠵᠦ ᠰᠢᠨᠵᠢᠵᠤ ᠰᠤᠳᠤᠯᠵᠤ᠂ ᠡᠳ᠋ᠯᠡᠵᠦ ᠬᠡᠷᠡᠭᠯᠡᠲᠡᠭ ᠵᠠᠩ | ᠦᠢᠯᠡ ᠪᠦᠬᠦᠢ ᠦᠨᠲᠦᠰᠦᠲᠡᠨ ᠮᠤᠩᠭᠤᠯ ᠠᠴᠠ ᠭᠠᠲᠠᠨ᠎ᠠ ᠲᠦᠪᠡᠳ᠂ ᠬᠠᠰᠠᠬ ᠯᠠ ᠪᠤᠢ ᠬᠡᠵᠤ ᠬᠡᠯᠡᠯᠴᠡᠲᠡᠭ᠃ | ᠶᠠᠷᠢᠶᠠᠨ ᠦᠭᠡᠢ᠂ ᠠᠷᠭᠠᠯ ᠤᠨ ᠴᠢᠬᠤᠯᠠ ᠨᠢᠭᠡ ᠠᠰᠢᠬᠯᠠᠮᠵᠢ ᠬᠡᠷᠡᠭᠴᠡᠭᠡ ᠪᠤᠯ ᠰᠢᠲᠠᠭᠠᠯᠭ᠎ᠠ ᠲᠦᠯᠡᠰᠢ ᠪᠠᠶᠢᠵᠤ ᠲᠠᠭᠠᠷᠠᠨ᠎ᠠ᠂ ᠲᠡᠷᠡ ᠪᠤᠯ ᠮᠤᠩᠭᠤᠯ᠂ ᠬᠠᠰᠠᠬ᠂ | ᠲᠦᠪᠡᠳ ᠵᠡᠷᠭᠡ ᠨᠡᠬᠦᠲᠡᠯᠴᠢ ᠮᠠᠯᠵᠢᠯ ᠢᠶᠠᠷ ᠠᠮᠢᠲᠤᠷᠠᠲᠠᠭ ᠦᠨᠲᠦᠰᠦᠲᠡᠨ ᠨᠦᠭᠦᠳ ᠤᠨ ᠡᠬᠡ ᠪᠠᠶᠢᠭᠠᠯᠢ ᠯᠤᠭ᠎ᠠ ᠡᠶ᠎ᠡ ᠵᠤᠬᠢᠴᠠᠵᠤ᠂ ᠡᠪᠲᠡᠵᠦ ᠪᠦᠷᠢᠯᠭᠡᠬᠦ ᠪᠢᠰᠢ᠂ | ᠦᠭᠲᠡᠭᠡᠵᠦ ᠦᠬᠦᠭᠦᠯᠬᠦ ᠪᠢᠰᠢ᠂ ᠡᠳ᠋ ᠪᠠᠶᠠᠯᠢᠬ ᠢ ᠡᠪᠲᠡᠢ ᠲᠡᠮᠲᠡᠢ ᠠᠰᠢᠬᠯᠠᠵᠤ ᠬᠡᠷᠡᠭᠯᠡᠭᠰᠡᠨ ᠨᠢᠭᠡᠨ ᠲᠤᠮᠤ ᠡᠬᠦᠲᠦᠯᠲᠡ ᠮᠦᠨ᠂ ᠬᠦᠮᠦᠨ ᠲᠦᠷᠦᠯᠬᠢᠲᠡᠨ ᠳᠤ | ᠦᠵᠡᠬᠦᠯᠦᠭᠰᠡᠨ ᠴᠢᠮᠠᠯᠠᠰᠢ ᠦᠭᠡᠢ ᠨᠡᠮᠡᠷᠢ ᠬᠠᠨᠳᠢᠪᠯᠠᠯ ᠮᠦᠨ ᠪᠠᠶᠢᠵᠤ ᠲᠠᠭᠠᠷᠠᠨ᠎ᠠ᠃ ᠨᠡᠬᠦᠲᠡᠯᠴᠢ ᠮᠤᠩᠭᠤᠯᠴᠤᠳ ᠬᠠᠮᠢᠭ᠎ᠠ ᠶᠠᠪᠤᠪᠠᠴᠤ ᠠᠷᠭᠠᠯ ᠠᠴᠠ ᠰᠠᠯᠵᠤ | ᠴᠢᠲᠠᠬᠤ ᠦᠭᠡᠢ᠂ ᠨᠡᠬᠦᠵᠦ ᠪᠠᠭᠤᠬᠤ ᠳᠠᠭᠠᠨ ᠮᠤᠩᠭᠤᠯ ᠭᠡᠷ ᠤᠨ ᠢᠶᠠᠨ ᠬᠠᠮᠳᠤ ᠠᠮᠤ ᠬᠦᠨᠡᠰᠦ᠂ ᠲᠠᠪᠤᠰᠤ ᠲᠤᠰᠤ ᠪᠠᠨ ᠠᠪᠴᠤ ᠶᠠᠪᠤᠲᠠᠭ ᠤᠨ ᠬᠠᠮᠳᠤ ᠪᠠᠭ᠎ᠠ | ᠬᠡᠮᠵᠢᠶᠡᠨ ᠤ ᠴᠤ ᠭᠡᠰᠡᠨ ᠠᠷᠭᠠᠯ ᠠᠪᠴᠤ᠂ ᠬᠤᠷ᠎ᠠ ᠪᠤᠷᠤᠭᠠᠨ ᠴᠢᠬᠢᠭ ᠨᠦᠢᠲᠠᠨ ᠳᠤ ᠬᠡᠷᠡᠭᠯᠡᠬᠦ ᠪᠡᠯᠡᠳᠭᠡᠮᠵᠢ ᠪᠤᠯᠭᠠᠨ᠎ᠠ᠂ ᠮᠠᠯᠴᠢᠨ ᠬᠦᠮᠦᠨ ᠠᠷᠤᠬ ᠢ | ᠮᠦᠷᠦᠨ ᠠᠴᠠ ᠪᠠᠨ᠂ ᠰᠠᠪᠠᠷ ᠢ ᠴᠤ ᠭᠠᠷ ᠠᠴᠠ ᠪᠠᠨ ᠰᠠᠯᠭᠠᠲᠠᠭ ᠦᠭᠡᠢ᠂ ᠬᠠᠮᠢᠭ᠎ᠠ ᠬᠦᠷᠦᠭᠡᠳ ᠪᠠᠭᠤᠵᠤ ᠰᠠᠭᠤᠬᠤ ᠳᠤ ᠯᠠ ᠴᠠᠢ ᠬᠤᠭᠤᠯᠠᠨ ᠤ ᠪᠠᠨ ᠴᠢᠯᠦᠭᠡᠨ ᠳᠤ | ᠭᠡᠰᠡᠨ ᠴᠤ ᠠᠷᠤᠭ ᠢᠶᠠᠨ ᠡᠬᠦᠷᠴᠦ ᠭᠠᠷᠤᠭᠠᠳ ᠬᠠᠪᠢ ᠲᠦᠰᠦᠷ ᠤᠨ ᠠᠷᠭᠠᠯ ᠢ ᠲᠡᠬᠦᠵᠤ ᠢᠷᠡᠲᠡᠭ᠂ ᠬᠤᠨᠢᠴᠢᠨ ᠬᠤᠷᠠᠭᠠᠴᠢᠨ ᠴᠤ ᠰᠦᠷᠦᠭ ᠢᠶᠠᠨ ᠲᠠᠭᠤᠵᠤ | ᠭᠠᠷᠤᠭᠠᠳ ᠮᠠᠯ ᠤᠨ ᠠᠷᠤ ᠠᠴᠠ ᠶᠠᠪᠤᠬᠤ ᠳᠠᠭᠠᠨ ᠤᠯᠲᠠᠬᠰᠠᠨ ᠠᠷᠭᠠᠯ ᠢᠶᠠᠨ ᠲᠡᠬᠦᠵᠦ᠂ ᠲᠤᠬᠢᠲᠠᠢ ᠨᠢᠭᠡ ᠭᠠᠵᠠᠷ ᠤᠪᠤᠭᠠᠯᠠᠵᠤ ᠲᠠᠯᠪᠢᠭᠠᠳ᠂ ᠬᠤᠵᠢᠮ ᠠᠯᠢ ᠨᠢᠭᠡ | ᠵᠠᠪ ᠡᠶᠠᠷ ᠢᠶᠠᠨ ᠮᠤᠲᠤᠨ ᠲᠡᠷᠭᠡ ᠪᠠᠨ ᠭᠡᠯᠢᠵᠦ ᠢᠷᠡᠭᠡᠳ ᠲᠡᠭᠡᠭᠡᠵᠦ ᠠᠪᠠᠴᠢᠲᠠᠭ᠃ ᠲᠡᠨᠲᠦᠷ ᠮᠦᠨᠲᠦᠷ ᠬᠦᠯ ᠳᠤ ᠤᠷᠤᠵᠤ ᠪᠠᠶᠢᠭ᠎ᠠ ᠬᠡᠦᠬᠡᠳ ᠲᠡᠭᠡᠭᠰᠢ ᠭᠠᠷᠪᠠᠯ | ᠠᠬᠲᠠ ᠶᠢᠨ ᠨᠢᠷᠤᠭᠤᠨ ᠳᠤ ᠰᠠᠵᠢᠬᠲᠠᠬᠤ᠂ ᠲᠤᠷᠤᠬᠰᠢ ᠪᠠᠭᠤᠪᠠᠯ ᠠᠷᠤᠭ ᠢ ᠨᠢᠷᠤᠭᠤᠨ ᠳᠠᠭᠠᠨ ᠡᠬᠦᠷᠬᠦ ᠨᠢ ᠮᠤᠩᠭᠤᠯ ᠠᠮᠢᠲᠤᠷᠠᠯ ᠤᠨ ᠬᠢᠨᠢ ᠲᠤᠲᠠᠭᠲᠠᠵᠤ ᠪᠤᠯᠤᠰᠢ | ᠦᠭᠡᠢ ᠦᠨᠲᠦᠰᠦᠨ ᠬᠢᠴᠢᠶᠡᠯ ᠠᠩᠬᠠᠨ ᠤ ᠲᠠᠰᠬᠠᠯ ᠨᠢ ᠰᠠᠨ᠃ | ᠮᠠᠯᠴᠢᠳ ᠤᠨ ᠵᠤᠳ ᠲᠠᠢ ᠵᠤᠨ ᠲᠠᠢ ᠠᠮᠢᠲᠤᠷᠠᠯ ᠠᠷᠭᠠᠯ ᠠᠴᠠ ᠰᠠᠯᠵᠤ ᠦᠯᠦ ᠪᠤᠯᠤᠨ᠎ᠠ᠂ ᠠᠷᠭᠠᠯ ᠢᠶᠠᠨ ᠲᠦᠯᠡᠵᠦ ᠴᠠᠢ ᠪᠠᠨ ᠴᠢᠨᠠᠨ᠎ᠠ᠂ ᠮᠢᠬ᠎ᠠ ᠴᠢᠨᠠᠨ᠎ᠠ᠂ | ᠰᠦ ᠰᠠᠭᠠᠯᠢ ᠪᠠᠨ ᠪᠤᠯᠪᠠᠰᠤᠷᠠᠭᠤᠯᠵᠤ ᠴᠠᠭᠠᠨ ᠢᠲᠡᠭᠡ ᠡᠳ᠋ᠰᠢᠬᠦᠯᠦᠨᠡ᠂ ᠰᠠᠭᠠᠯᠢ ᠶᠢᠨ ᠠᠷᠢᠬᠢ ᠨᠡᠷᠡᠨ᠎ᠡ᠂ ᠠᠯᠢᠨ ᠳᠤᠨᠢ ᠠᠷᠭᠠᠯ ᠲᠤᠲᠠᠵᠤ ᠪᠤᠯᠬᠤ ᠶᠤᠮ ᠪᠤᠢ︖ | ᠴᠡᠯ ᠨᠤᠭᠤᠭᠠᠨ ᠲᠠᠯ᠎ᠠ ᠶᠢᠨ ᠦᠷᠦᠴᠡᠨ ᠳᠤ ᠬᠤᠨ ᠴᠠᠭᠠᠨ ᠮᠤᠩᠭᠤᠯ ᠭᠡᠷ ᠤᠳ ᠴᠠᠶᠢᠷᠠᠵᠤ᠂ ᠲᠤᠭᠤᠨᠤ ᠪᠠᠷ ᠨᠢ ᠴᠡᠩᠬᠡᠷ ᠤᠳᠤᠭ᠎ᠠ ᠰᠤᠭᠤᠨᠠᠬᠯᠠᠵᠤ᠂ ᠬᠠᠯᠠᠭᠤᠨ | ᠠᠮᠢᠲᠤᠷᠠᠯ ᠲᠡᠨᠲᠡ ᠪᠤᠴᠠᠯᠵᠤ᠂ ᠠᠶᠢᠯ ᠡᠷᠦᠬᠡ ᠪᠠᠶᠢᠬᠤ ᠶᠢᠨ ᠲᠡᠮᠲᠡᠭ ᠪᠤᠯᠵᠤ᠂ ᠠᠶᠠᠨ ᠤ ᠬᠦᠮᠦᠰ ᠤᠨ ᠠᠬᠲᠠ ᠶᠢᠨ ᠵᠢᠯᠤᠭᠤ ᠶᠢ ᠲᠡᠷᠡ ᠲᠡᠶᠢᠰᠢ ᠵᠠᠯᠠᠭᠤᠯᠲᠠᠭ | ᠪᠢᠯᠠ᠃ | ᠲᠤᠯᠭ᠎ᠠ ᠪᠤᠯ ᠨᠡᠬᠦᠲᠡᠯᠴᠢ ᠠᠮᠢᠲᠤᠷᠠᠯ ᠳᠤ ᠲᠤᠲᠠᠭᠲᠠᠵᠦ ᠪᠤᠯᠤᠰᠢ ᠦᠭᠡᠢ ᠠᠮᠢᠲᠤᠷᠠᠯ ᠤᠨ ᠬᠡᠷᠡᠭᠰᠡᠯ᠂ ᠲᠡᠬᠡᠬᠦᠯᠡᠷ ᠮᠤᠩᠭᠤᠯᠴᠤᠳ ᠤᠨ ᠬᠡᠷᠡᠭᠯᠡᠲᠡᠭ ᠭᠤᠷᠪᠠᠯᠵᠢᠨ | ᠲᠤᠯᠭ᠎ᠠ᠂ ᠲᠦᠷᠪᠡᠯᠵᠢᠨ ᠲᠤᠯᠭ᠎ᠠ᠂ ᠠᠲᠠᠷ ᠲᠠᠢ ᠲᠤᠯᠭ᠎ᠠ᠂ ᠠᠲᠠᠷ ᠦᠭᠡᠢ ᠲᠤᠯᠭ᠎ᠠ᠂ ᠰᠡᠨᠵᠢ ᠲᠠᠢ ᠲᠤᠯᠭ᠎ᠠ᠂ ᠰᠡᠨᠵᠢ ᠦᠭᠡᠢ ᠲᠤᠯᠭ᠎ᠠ᠂ ᠡᠪᠬᠡᠭᠦᠷ ᠲᠤᠯᠭ᠎ᠠ ᠵᠡᠷᠭᠡ | ᠤᠯᠠᠨ ᠶᠠᠩᠵᠤ ᠬᠡᠯᠪᠡᠷᠢ ᠶᠢᠨ ᠪᠠᠶᠢᠲᠠᠭ᠂ ᠠᠶᠠᠨ ᠲᠤᠭᠤᠰᠤᠨ ᠳᠤ ᠶᠠᠪᠤᠬᠤ ᠳᠤ ᠰᠡᠨᠵᠢ ᠲᠠᠢ ᠲᠤᠯᠭ᠎ᠠ ᠪᠠᠨ ᠮᠤᠳᠤᠨ ᠲᠡᠷᠭᠡ ᠶᠢᠨ ᠢᠶᠠᠨ ᠠᠷᠠᠯ ᠠᠴᠠ ᠡᠯᠬᠦᠵᠦ᠂ | ᠡᠪᠬᠡᠲᠡᠭ ᠲᠤᠯᠭ᠎ᠠ ᠪᠠᠨ ᠮᠤᠷᠢᠨ ᠡᠮᠡᠭᠡᠯ ᠤᠨ ᠢᠶᠠᠨ ᠭᠠᠨᠵᠤᠭ᠎ᠠ ᠠᠴᠠ ᠨᠢ ᠭᠠᠨᠵᠤᠭᠠᠯᠠᠭᠠᠳ ᠶᠠᠪᠤᠵᠤ ᠪᠤᠯᠲᠠᠬ᠃ ᠬᠡᠭᠡᠷ᠎ᠡ ᠬᠦᠲᠡᠭᠡ ᠭᠡᠨᠡᠦᠡᠲᠡ ᠶᠢᠨ ᠲᠤᠬᠢᠶᠠᠯᠳᠤᠯ ᠢᠶᠠᠷ | ᠲᠤᠭᠤᠭᠠᠯᠠᠬᠤ ᠶᠠᠪᠤᠲᠠᠯ ᠲᠠᠭᠠᠷᠠᠪᠠᠯ ᠬᠠᠪᠢ ᠲᠦᠰᠦᠷ ᠠᠴᠠ ᠪᠠᠨ ᠠᠷᠭᠠᠯ ᠲᠡᠬᠦᠵᠦ ᠬᠤᠷᠮᠦ᠋ᠢᠯᠠᠵᠤ ᠠᠪᠴᠢᠷᠠᠭᠠᠳ᠂ ᠲᠤᠯᠭ᠎ᠠ ᠪᠡᠯᠡᠨ ᠪᠠᠶᠢᠬᠤ ᠦᠭᠡᠢ ᠪᠤᠯ ᠭᠤᠷᠪᠠᠨ | ᠴᠢᠯᠠᠭᠤ ᠵᠡᠷᠭᠡᠯᠡᠨ ᠲᠤᠭᠤᠭ᠎ᠠ ᠪᠠᠨ ᠲᠠᠯᠪᠢᠭᠠᠳ ᠲᠤᠤᠷ᠎ᠠ ᠠᠴᠠ ᠨᠢ ᠠᠷᠭᠠᠯ ᠤᠨ ᠭᠠᠯ ᠢᠶᠠᠨ ᠲᠦᠯᠡᠪᠡᠯ ᠴᠠᠢ ᠪᠤᠲᠠᠭ᠎ᠠ ᠪᠠᠨ ᠪᠤᠯᠭᠤᠭᠠᠴᠢᠬᠠᠲᠠᠬ᠂ ᠢᠡᠭᠬᠢᠬᠦ ᠳᠡᠭᠡᠨ ︽ | ᠲᠤᠯᠭ᠎ᠠ ᠶᠢᠨ ᠭᠤᠷᠪᠠᠨ ᠴᠢᠯᠠᠭᠤ︾ ᠪᠠᠷ ᠠᠵᠢᠯ ᠦᠢᠯᠡᠰ ᠡᠬᠢᠯᠡᠵᠦ ᠪᠤᠰᠬᠠᠬᠤ ᠰᠠᠭᠤᠷᠢ ᠲᠠᠯᠪᠢᠬᠤ ᠶᠢ ᠵᠦᠢᠷᠯᠡᠲᠡᠭ ᠤᠨ ᠤᠴᠢᠷ ᠨᠢ ᠠᠲᠡ ᠪᠠᠶᠢᠨ᠎ᠠ᠂ ᠶᠡᠭᠡ | ᠵᠢᠩ ᠲᠠᠢ ᠦᠭᠡ᠃ | ︽ᠤᠲᠤᠭ᠎ᠠ ᠲᠠᠢ ᠭᠡᠷ ᠲᠤᠯᠠᠭᠠᠨ᠂ ᠤᠩᠭᠠᠰᠤ ᠲᠠᠢ ᠭᠡᠷ ᠪᠠᠶᠠᠨ︾ ᠭᠡᠲᠡᠭ ᠮᠤᠩᠭᠤᠯ ᠵᠦᠢᠷ ᠦᠭᠡ ᠡᠷᠲᠡ ᠭᠠᠷᠴᠠᠢ᠃ ᠰᠠᠭᠤᠷᠢᠰᠢᠬᠰᠠᠨ ᠮᠤᠩᠭᠤᠯ ᠠᠶᠢᠯ | ᠲᠤᠰᠬᠤᠨ ᠲᠤ ᠠᠷᠭᠠᠯ ᠤᠨ ᠤᠪᠤᠭ᠎ᠠ ᠨᠢ ᠨᠢᠭᠡ ᠵᠦᠢᠯ ᠤᠨ ᠪᠡᠯᠭᠡ ᠲᠡᠮᠲᠡᠭ᠂ ᠶᠠᠷᠢᠶᠠᠨ ᠦᠭᠡᠢ ᠮᠠᠯ ᠤᠨ ᠲᠤᠭ᠎ᠠ ᠨᠢ ᠨᠢᠭᠡ ᠠᠶᠢᠯ ᠤᠨ ᠪᠠᠶᠠᠨ ᠲᠠᠷᠭᠤᠨ ᠤ ᠴᠢᠬᠤᠯᠠ | ᠦᠨᠲᠦᠰᠦᠯᠡᠯ ᠪᠠᠶᠢᠵᠤ ᠲᠠᠭᠠᠷᠠᠨ᠎ᠠ᠂ ᠭᠡᠪᠡᠴᠤ ᠬᠡᠨ ᠤ ᠬᠢᠨᠢ ᠬᠡᠲᠦᠢ ᠮᠠᠯ ᠲᠠᠢ ᠶᠤᠮ ᠪᠤᠢ ᠭᠡᠵᠦ ᠤᠴᠢᠭᠠᠳ ᠲᠤᠭᠠᠯᠠᠯᠲᠠᠢ ᠪᠢᠰᠢ᠂ ᠭᠠᠲᠠᠨ᠎ᠠ ᠠᠴᠠ ᠨᠢ ᠬᠠᠷᠠᠬᠤ ᠳᠤ | ᠯᠠ ᠠᠯᠢ ᠠᠶᠢᠯ ᠤᠨ ᠭᠠᠲᠠᠨᠠᠬᠢ ᠠᠷᠭᠠᠯ ᠤᠨ ᠤᠪᠤᠭ᠎ᠠ ᠨᠢ ᠲᠤᠮᠤ᠂ ᠲᠡᠷᠢ ᠲᠡᠭᠰᠢ ᠲᠠᠯᠠᠩᠯᠠᠵᠤ ᠤᠪᠤᠭᠠᠯᠠᠬᠰᠠᠨ ᠪᠤᠯ ᠲᠡᠷᠡ ᠠᠶᠢᠯ ᠤᠨ ᠡᠵᠡᠨ ᠨᠢ ᠠᠵᠢᠯᠴᠢ | ᠬᠦᠲᠡᠯᠮᠦᠷᠢᠴᠢ᠂ ᠲᠡᠷᠡ ᠠᠶᠢᠯ ᠤᠨ ᠠᠮᠢᠲᠤᠷᠠᠯ ᠠᠬᠤᠢ ᠨᠢ ᠦᠨᠢᠷ ᠦᠷᠨᠢᠬᠦᠨ ᠲᠦᠪᠬᠢᠨᠡᠬᠦᠨ ᠲᠡᠪᠬᠡᠷᠡᠬᠦᠨ ᠨᠢ ᠮᠡᠲᠡᠭᠲᠡᠵᠦ᠂ ᠬᠦᠮᠦᠰ ᠤᠨ ᠪᠢᠰᠢᠷᠡᠯ ᠪᠠᠭ᠋ᠠᠷᠤᠯ ᠢ | ᠤᠯᠲᠠᠭ᠃ | ᠬᠦᠲᠡᠭᠡ ᠳᠤ ᠦᠬᠡᠷ ᠤᠨ ᠪᠠᠭᠠᠰᠤ ᠨᠢ ᠲᠦᠯᠡᠰᠢ ᠰᠢᠲᠠᠭᠠᠯᠭ᠎ᠠ ᠠᠴᠠ ᠭᠠᠲᠠᠨ᠎ᠠ ᠪᠠᠰᠠ ᠤᠨᠳᠤᠤ ᠵᠦᠢᠯ ᠤᠨ ᠬᠡᠷᠡᠭᠴᠡᠭᠡ ᠲᠠᠢ᠃ ᠮᠠᠩᠬᠠᠯᠢᠬ ᠤᠷᠤᠨ ᠤ ᠮᠠᠯᠴᠢᠳ | ᠪᠤᠷᠭᠠᠰᠤᠨ ︵ᠰᠢᠪᠡᠭᠡᠨ︶ ᠬᠠᠰᠢᠶ᠎ᠠ ᠪᠠᠷᠢᠵᠤ᠂ ᠵᠤᠨ ᠤ ᠤᠯᠠᠷᠢᠯ ᠳᠤ ᠰᠢᠩᠭᠡᠨ ᠦᠬᠡᠷ ᠤᠨ ᠪᠠᠭᠠᠰᠤᠨ ᠳᠤ ᠵᠢᠭᠠᠬᠠᠨ ᠰᠢᠪᠠᠷ᠂ ᠲᠠᠷᠢᠶᠠᠨ ᠰᠦᠷᠡᠯ ᠪᠤᠶᠤ ᠬᠠᠭᠤᠷᠠᠢ | ᠡᠪᠡᠰᠦ ᠬᠤᠯᠢᠵᠤ ᠪᠤᠷᠭᠠᠰᠤᠨ ᠬᠠᠰᠢᠶᠠᠨ ᠤ ᠪᠠᠨ ᠭᠠᠲᠠᠭᠤᠷ ᠰᠢᠪᠠᠲᠠᠭ᠂ ᠢᠡᠭᠬᠢᠪᠡᠯ ᠡᠪᠦᠯ ᠳᠡᠭᠡᠨ ᠬᠠᠰᠢᠶ᠎ᠠ ᠨᠢ ᠡᠭᠡᠪᠦᠷ ᠲᠤᠯᠠᠭᠠᠨ ᠪᠤᠯᠵᠤ᠂ ᠵᠤᠨ ᠳᠠᠭᠠᠨ ᠱᠠᠭᠠᠯᠵᠤ | ᠠᠪᠤᠭᠠᠳ ᠲᠦᠯᠡᠲᠡᠭ᠃ ᠵᠠᠷᠢᠮ ᠨᠢ ᠮᠠᠯ ᠤᠨ ᠬᠠᠰᠢᠶ᠎ᠠ ᠪᠠᠨ ᠲᠤᠭᠤᠷᠢᠭᠤᠯᠤᠭᠠᠳ ᠠᠷᠭᠠᠯ ᠢᠶᠠᠨ ᠲᠠᠯᠠᠩᠯᠠᠵᠤ ᠬᠤᠷᠢᠶᠠᠲᠠᠭ ᠴᠤ ᠪᠤᠢ᠂ ᠪᠤᠷᠤᠭᠠᠨ ᠬᠤᠷ᠎ᠠ ᠳᠤ | ᠨᠤᠷᠠᠵᠤ ᠰᠦᠢᠳᠬᠦ᠂ ᠮᠠᠯ ᠤᠨᠤᠭ᠎ᠠ ᠮᠦᠷᠬᠦᠵᠦ ᠱᠦᠷᠭᠦᠭᠡᠵᠦ ᠤᠨᠠᠭᠠᠬᠤ ᠠᠴᠠ ᠰᠡᠷᠭᠡᠶᠢᠯᠡᠵᠦ᠂ ᠠᠷᠭᠠᠯ ᠤᠨ ᠤᠪᠤᠭᠠᠨ ᠤ ᠪᠠᠨ ᠭᠠᠲᠠᠭᠤᠷ ᠪᠤᠷᠭᠠᠰᠤ ᠰᠢᠪᠡᠭᠡ ᠪᠤᠶᠤ | ᠬᠦᠷᠦᠭᠰᠡᠨ ᠵᠠᠮᠪᠠ ᠪᠠᠷ ᠬᠠᠰᠢᠶ᠎ᠠ ᠪᠠᠷᠢᠲᠠᠭ᠃ ᠡᠨᠡ ᠨᠢ ᠮᠦᠨ ᠡᠪᠦᠯ ᠳᠡᠭᠡᠨ ᠰᠠᠯᠬᠢ ᠶᠢ ᠬᠠᠯᠬᠠᠯᠠᠵᠤ᠂ ᠮᠠᠯ ᠳᠠᠭᠠᠨ ᠨᠦᠮᠦᠷᠢ ᠪᠤᠯᠭᠠᠬᠤ ᠶᠢ ᠪᠤᠲᠤᠯᠬᠢᠯᠠᠬᠰᠠᠨ | ᠪᠠᠶᠢᠲᠠᠭ᠃ ᠬᠠᠭᠠᠰ ᠲᠠᠷᠢᠶᠠᠯᠠᠬᠤ ᠬᠠᠭᠠᠰ ᠮᠠᠯᠵᠢᠬᠤ ᠤᠷᠤᠨ ᠳᠤ᠂ ᠪᠤᠷᠭᠠᠰᠤ ᠪᠠᠷ ᠬᠦᠷᠦᠭᠰᠡᠨ ᠲᠤᠮᠤ ᠰᠠᠪᠠ ᠪᠠᠨ ᠲᠤᠲᠤᠭᠤᠷ ᠨᠢ ᠰᠢᠩᠭᠡᠨ ᠦᠬᠡᠷ ᠤᠨ | ᠪᠠᠭᠠᠰᠤ ᠪᠠᠷ ᠮᠢᠯᠢᠶᠠᠭᠠᠳ ᠲᠤᠲᠤᠷ᠎ᠠ ᠨᠢ ᠬᠠᠷ᠎ᠠ ᠪᠤᠲᠠᠭ᠎ᠠ ᠬᠠᠲᠠᠭᠠᠯᠠᠪᠠᠯ ᠦᠲᠦᠵᠦ ᠬᠤᠷᠤᠬᠠᠶᠢᠲᠠᠬᠤ ᠥᠭᠡᠢ ᠨᠢ ᠮᠦᠨ ᠨᠢᠭᠡ ᠤᠴᠢᠷ ᠪᠤᠢ᠃ ᠶᠠᠭᠤ ᠬᠡᠯᠡᠭᠰᠡᠨ ᠴᠤ | ᠠᠷᠭᠠᠯ ᠭᠡᠵᠦ ᠦᠪᠴᠢ ᠪᠡᠶ᠎ᠡ ᠪᠠᠷ ᠢᠶᠠᠨ ᠡᠷᠲᠡᠨᠢ ᠪᠠᠶᠢᠵᠤ ᠲᠠᠭᠠᠷᠠᠨ᠎ᠠ᠂ ᠬᠦᠲᠡᠭᠡ ᠬᠡᠭᠡᠷ᠎ᠡ ᠬᠠᠶᠠᠬᠲᠠᠬᠰᠠᠨ ᠨᠢ ᠴᠤ ᠭᠡᠳ ᠬᠠᠲᠠᠵᠤ ᠬᠤᠪᠠᠭ᠋ᠠᠶᠢᠷᠠᠵᠤ ᠦᠤᠵᠤ | ᠢᠯᠵᠢᠷᠡᠭᠡᠳ ᠬᠦᠷᠦᠰᠦᠨ ᠳᠤ ᠰᠢᠮᠡᠳᠴᠦ ᠰᠢᠩᠭᠡᠭᠡᠳ ᠡᠪᠡᠰᠦ ᠤᠷᠭᠤᠮᠠᠯ ᠤᠨ ᠤᠷᠭᠤᠨ ᠲᠦᠯᠵᠢᠬᠦ ᠳᠤ ᠪᠤᠷᠲᠤᠭᠤᠷ ᠪᠤᠯᠵᠤ ᠰᠢᠮ᠎ᠡ ᠲᠡᠵᠢᠭᠡᠯ ᠬᠠᠩᠭᠠᠲᠠᠭ ᠶᠤᠮ | ᠴᠢᠨᠢ᠃ ᠠᠷᠭᠠᠯ ᠡᠷᠳᠡᠨᠢ︕ | | |