ᠰᠢᠨ᠎ᠡ ᠣᠨ ᠤ ᠢᠯᠠ ᠺᠠᠷᠲ
ᠨᠡᠶᠢᠲᠡᠯᠡᠭᠰᠡᠨ ᠴᠠᠭ᠄
2025/1/17
    ᠨᠠᠶᠢᠷᠠᠭᠤᠯᠤᠭᠴᠢ ᠶᠢᠨ ᠦᠭᠡ᠄    ︽ᠣᠷᠭᠤᠬᠤ ᠨᠠᠷᠠᠨ ᠤ ᠲᠠᠭᠤᠯᠢ︾᠂ ︽ᠥᠭᠡᠳᠡ ᠬᠡᠶᠢᠮᠣᠷᠢ︾ ᠲᠠᠢ ᠵᠥᠩᠨᠡᠯ᠂ ᠢᠲᠡᠭᠡᠯ ᠬᠦᠰᠡᠯ ᠤᠨ ︽ᠢᠯᠠ ᠺᠠᠷᠲ︾ ᠲᠠᠢ ᠰᠢᠨ᠎ᠡ ᠣᠨ ᠤ ᠰᠢᠵᠢᠷ ᠲᠤᠶᠠᠭ᠎ᠠ᠂ ᠰᠢᠯᠦᠭ ᠨᠠᠶᠢᠷᠠᠭᠤᠯᠤᠯ ᠤᠨ ︽ᠲᠠᠯ᠎ᠠ ᠶᠢᠨ ᠲᠤᠶᠠᠭ᠎ᠠ︾ ᠲᠠ ᠪᠦᠭᠦᠨ ᠲᠠᠢ ᠮᠡᠨᠳᠦᠴᠢᠯᠡᠨ ᠵᠣᠯᠭᠠᠵᠤ ᠪᠠᠶᠢᠨ᠎ᠠ᠃ ᠠᠶᠢᠰᠤᠢ ᠴᠠᠭ ᠲᠠᠭᠠᠨ ᠠᠮᠤᠷ ᠠᠮᠤᠭᠤᠯᠠᠩ᠂ ᠠᠮᠵᠢᠯᠲᠠ ᠳᠦᠭᠦᠷᠡᠩ ᠪᠣᠯᠲᠤᠭᠠᠢ ᠬᠡᠮᠡᠨ ᠭᠡᠯᠡ ᠪᠠᠷ ᠢᠯᠡᠳᠬᠡᠵᠦ ᠪᠢᠴᠢᠭ ᠢᠶᠠᠷ ᠲᠣᠳᠣᠷᠬᠠᠶᠢᠯᠠᠵᠤ ᠡᠰᠡ ᠴᠢᠳᠠᠬᠤ ᠬᠦᠨᠳᠦᠳᠬᠡᠯ ᠢᠶᠠᠨ ᠳᠡᠪᠰᠢᠭᠦᠯᠦᠨ ᠣᠶᠣᠨ ᠤ ᠪᠢᠳ ᠤᠬᠠᠭᠠᠨ ᠤ ᠪᠢᠷ᠎ᠠ ᠶᠢ ᠬᠠᠷᠠᠭᠤᠯᠤᠭᠰᠠᠨ ᠤᠷᠠᠨ ᠪᠦᠲᠦᠭᠡᠯ ᠢᠶᠠᠨ ᠡᠷᠭᠦᠵᠦ ᠪᠠᠶᠢᠨᠠᠮ᠃ ᠲᠠ ᠪᠦᠭᠦᠨ ᠲᠠᠭᠠᠯᠠᠨ ᠰᠣᠨᠢᠷᠬᠠᠮᠤ᠃    ᠠᠭᠤᠵᠢᠮ ᠬᠥᠳᠡᠭᠡ ᠨᠤᠲᠤᠭ ᠤᠨ ᠲᠤᠷᠤᠨ᠎ᠠ ᠲᠡᠭᠷᠢ ᠶᠢᠨ ᠬᠠᠶᠠᠭᠠᠨ ᠠᠴᠠ ᠦᠷ ᠲᠡᠮᠳᠡᠭᠷᠡᠵᠦ ᠣᠨ ᠤ ᠬᠠᠭᠤᠳᠠᠰᠤ ᠰᠢᠨ᠎ᠡ ᠪᠠᠷ ᠰᠡᠬᠦᠭᠳᠡᠨ ᠰᠠᠪᠠ ᠰᠢᠮ᠎ᠡ ᠶᠢᠨ ᠶᠢᠷᠲᠢᠨᠴᠦ ᠳᠤ ᠠᠮᠢᠯᠠᠯ ᠡᠰᠡᠨᠢᠯ ᠣᠯᠭᠤᠭᠴᠢ ᠠᠯᠳᠠᠨ ᠨᠠᠷᠠᠨ ᠤ ᠪᠤᠮᠠᠨ ᠰᠠᠴᠤᠷᠠᠭ ᠲᠤᠶᠠᠭ᠎ᠠ ᠶᠢ ᠠᠷᠭᠠᠯ ᠤᠨ ᠤᠳᠤᠭ᠎ᠠ ᠪᠤᠷᠭᠢᠯᠵᠤ ᠮᠠᠯ ᠤᠨ ᠲᠠᠭᠤᠨ ᠬᠠᠩᠭᠢᠨᠠᠭᠰᠠᠨ ᠴᠠᠰᠤᠲᠤ ᠲᠠᠯ᠎ᠠ ᠠᠴᠠ ᠪᠠᠨ ᠰᠡᠳᠬᠢᠯ ᠤᠶᠠᠰᠤᠨ ᠲᠤᠰᠬᠤᠶ᠎ᠠ ᠶᠠᠭᠤᠲᠠᠢ ᠠᠵᠠ ᠲᠠᠢ ᠰᠠᠨᠠᠭᠳᠠᠨᠠᠮ ᠪᠢᠯᠡ⁈    ᠨᠠᠷᠮᠠᠢ ᠲᠡᠷᠭᠡᠯ ᠨᠠᠷᠠᠨ ᠤ ᠰᠠᠴᠤᠷᠠᠭ ᠶᠠᠭ ᠯᠠ ᠨᠡᠶᠢᠭᠡᠮ ᠳᠠᠶᠠᠭᠠᠷ ᠲᠤ ᠠᠵᠢᠯᠯᠠᠵᠤ ᠠᠮᠢᠳᠤᠷᠠᠨ ᠪᠠᠶᠢᠭ᠎ᠠ ᠨᠠᠶᠢᠵᠠ ᠮᠠᠨᠤᠰ ᠤᠨ ᠨᠢᠭᠡᠨ ᠨᠢᠭᠡᠨ ᠥᠭᠡᠳᠡ ᠪᠠᠨ ᠢᠯᠠᠭᠡᠯᠴᠡᠭᠰᠡᠨ ︽ᠰᠢᠨ᠎ᠡ ᠣᠨ ᠤ ᠢᠯᠠ ᠺᠠᠷᠲ︾ ᠪᠣᠯᠵᠤ ᠬᠦᠰᠡᠯ ᠮᠥᠷᠥᠭᠡᠳᠦᠯ᠂ ᠢᠷᠦᠭᠡᠯ ᠵᠥᠩᠨᠡᠯ᠂ ᠵᠢᠳᠬᠦᠯ ᠪᠦᠲᠦᠭᠡᠯ ᠤᠨ ᠠᠶᠠᠨ ᠤ ᠭᠠᠨᠵᠤᠭ᠎ᠠ ᠮᠢᠯᠢᠶᠠᠵᠤ ᠵᠢᠷᠦᠬᠡ ᠰᠡᠳᠬᠢᠯ ᠤᠨ ᠠᠯᠳᠠᠩᠬᠠᠨ ᠶᠣᠩᠬᠤᠷ ᠢ ᠴᠢᠪᠬᠠᠳᠠᠨ ᠠᠮᠢᠳᠤᠷᠠᠯ ᠤᠨ ᠠᠶᠢᠵᠠᠮ ᠢ ᠰᠢᠨ᠎ᠡ ᠪᠠᠷ ᠬᠥᠭᠯᠡᠳᠡᠭ ᠡᠰᠡ ᠪᠢᠯᠢᠦ︕    ᠨᠡᠬᠡᠷᠡᠨ ᠠᠯᠳᠠᠨ ᠨᠠᠷᠠᠨ ᠤ ᠰᠠᠴᠤᠷᠠᠭ ᠨᠢᠭᠡᠪᠦᠷᠢ ᠮᠥᠷᠥᠭᠡᠳᠦᠯ ᠬᠦᠰᠡᠯᠡᠩ ᠠᠭᠤᠯᠤᠭᠰᠠᠨ ᠰᠢᠨ᠎ᠡ ᠣᠨ ᠤ ᠥᠯᠵᠡᠶᠢᠲᠦ ᠺᠠᠷᠲ ᠤᠨ ᠰᠢᠵᠢᠷᠭᠡᠨ ᠬᠠᠭᠤᠳᠠᠰᠤ ᠪᠠᠶᠢᠵᠤ ᠲᠠᠭᠠᠷᠠᠨ᠎ᠠ᠃ ᠬᠥᠮᠥᠰ ᠤᠨ ᠰᠡᠳᠬᠢᠯ ᠳᠤ ᠪᠠᠭᠤᠬᠤ ᠳᠠᠭᠠᠨ ᠥᠭᠡᠷ᠎ᠡ ᠥᠭᠡᠷ᠎ᠡ ᠪᠠᠷ ᠰᠣᠯᠣᠩᠭᠠᠷᠠᠵᠤ ᠢᠷᠡᠭᠡᠳᠦᠢ ᠶᠢ ᠨᠢ ᠭᠡᠶᠢᠭᠦᠯᠦᠨ ᠢᠲᠡᠭᠡᠯ ᠢ ᠨᠢ ᠴᠡᠴᠡᠭᠯᠡᠭᠦᠯᠳᠡᠭ ᠴᠤ ᠤᠴᠢᠷ ᠲᠠᠢ ᠰᠠᠨ᠃    ᠰᠢᠵᠢᠷ ᠨᠠᠷᠠᠨ ᠤ ᠲᠤᠶᠠᠭ᠎ᠠ ᠲᠠᠢ ᠰᠢᠨ᠎ᠡ ᠣᠨ ᠢᠩᠭᠢᠵᠦ ᠠᠶᠢᠯᠴᠢᠯᠠᠨ᠎ᠠ᠃    ᠬᠤᠶᠢᠮᠤᠷ ᠤᠨ ᠬᠠᠩᠬᠠᠭᠠᠷ ᠠᠭᠤᠯᠠᠰ ᠮᠥᠩᠭᠦᠨ ᠲᠡᠷᠢᠭᠦᠨ ᠢᠶᠠᠨ ᠭᠢᠯᠠᠯᠵᠠᠭᠤᠯᠤᠨ ᠲᠡᠷᠡᠦᠬᠡᠨ ᠪᠠᠶᠢᠷᠢᠨ ᠳᠠᠭᠠᠨ ᠬᠥᠳᠡᠯᠦᠰᠢ ᠦᠭᠡᠢ ᠰᠦᠭᠯᠡᠶᠢᠵᠦ ᠤᠷᠤᠰᠬᠠᠯ ᠭᠤᠣᠯ ᠢᠴᠡᠭᠡᠯᠡᠭᠰᠡᠨ ᠯᠤᠤ ᠰᠢᠭ᠋ ᠭᠠᠵᠠᠷ ᠤᠨ ᠬᠡᠪᠡᠯᠢ ᠳᠤ ᠴᠠᠭ ᠢ ᠭᠥᠯᠢᠶᠡᠨ ᠨᠦᠢᠷᠰᠤᠵᠤ ᠦᠶᠡᠯᠵᠡᠨ ᠲᠠᠭᠤᠯᠴᠠᠬᠤ ᠤᠯᠠᠷᠢᠯ ᠤᠨ ᠰᠠᠯᠬᠢᠨ ᠤ ᠠᠶᠠᠰ ᠢᠶᠠᠷ ᠠᠯᠳᠠᠨ ᠰᠢᠷᠭᠠᠯ ᠡᠪᠡᠰᠦᠨ ᠳᠠᠪᠠᠯᠭᠠᠨ ᠢᠷᠠᠯᠵᠠᠨ ᠢᠷᠠᠯᠵᠠᠵᠤ ᠬᠤᠷ ᠲᠠᠷᠭᠤ ᠲᠠᠢ ᠮᠠᠯ ᠰᠦᠷᠦᠭ ᠱᠢᠷᠦ ᠰᠤᠪᠤᠳ ᠢᠶᠠᠷ ᠰᠢᠭᠢᠳᠬᠡᠭᠡᠷᠢᠯᠡᠨ ᠤᠭᠲᠤᠮᠵᠢ ᠰᠠᠶᠢᠨ ᠣᠨ ᠤ ᠥᠩᠭᠡ ᠶᠢ ᠭᠠᠶᠢᠬᠠᠭᠤᠯᠤᠨ᠎ᠠ ᠠᠵᠢ᠃    ᠰᠢᠨ᠎ᠡ ᠣᠨ ᠤ ᠴᠡᠩᠭᠡᠭ ᠠᠭᠠᠷ ᠢ ᠠᠮᠢᠰᠬᠤᠵᠤ ᠬᠠᠨᠤᠰᠢ ᠦᠭᠡᠢ᠃ ᠠᠷᠭᠠᠯ ᠤᠨ ᠤᠳᠤᠭ᠎ᠠ ᠪᠠᠷ ᠠᠷᠢᠭᠤᠯᠠᠭᠰᠠᠨ ᠬᠥᠳᠡᠭᠡ ᠨᠤᠲᠤᠭ ᠤᠨ ᠠᠭᠠᠷ ᠠᠶᠢᠷᠠᠭ ᠴᠠᠭ᠎ᠠ ᠶᠢᠨ ᠰᠢᠮ᠎ᠡ ᠪᠠᠷ ᠠᠭᠤᠰᠬᠢᠨ ᠳᠤ ᠨᠠᠪᠳᠠᠷᠠᠨ ᠴᠡᠮᠴᠡᠭᠡᠨᠡᠵᠦ ᠮᠥᠩᠬᠡ ᠨᠠᠰᠤᠲᠤ ᠣᠷᠴᠢᠯᠠᠩ ᠤᠨ ᠴᠠᠴᠠᠨ ᠴᠡᠯᠮᠡᠭ ᠲᠠᠷᠠ ᠯᠠ ᠠᠮᠢᠰᠬᠤᠭ᠎ᠠ ᠬᠥᠮᠥᠰ ᠤᠨ ᠮᠠᠬᠠᠪᠤᠳ ᠴᠤᠬᠴᠠᠨ᠎ᠠ ︽ᠡᠮ ᠪᠣᠯᠣᠨ ᠳᠣᠮ ᠴᠤ ᠪᠣᠯᠣᠨ︾ ᠰᠢᠩᠭᠡᠵᠦ ᠥᠯᠥᠭᠡᠢ ᠰᠠᠶᠢᠬᠠᠨ ᠡᠬᠡ ᠣᠷᠣᠨ ᠳᠠᠭᠠᠨ ︽ᠵᠠᠭᠤᠨ ᠵᠠᠭᠤᠨ ᠵᠢᠯ ᠠᠮᠢᠳᠤᠷᠠᠮᠠᠷ︾ ᠰᠠᠨᠠᠭᠳᠠᠬᠤ ᠶᠢ ᠶᠠᠭᠤᠨ ᠥᠭᠦᠯᠡᠨᠡᠮ︕    ᠰᠢᠨ᠎ᠡ ᠣᠨ ᠤ ᠭᠠᠯᠪᠢᠷ ᠲᠥᠷᠬᠦ ᠶᠢ ᠵᠢᠷᠤᠭᠯᠠᠭᠠᠳ ᠪᠠᠷᠠᠰᠢ ᠦᠭᠡᠢ᠃ ᠰᠢᠨ᠎ᠡ ᠣᠨ ᠤ ᠭᠬᠢᠷ ᠦᠭᠡᠢ ᠲᠣᠷᠭᠠᠨ ᠬᠠᠭᠤᠳᠠᠰᠤ ᠶᠢ ᠳᠡᠪᠢᠰᠬᠡᠷᠯᠡᠨ ᠥᠪᠡᠷ ᠥᠪᠡᠷ ᠤᠨ ᠥᠩᠭᠡ ᠭᠢᠯᠪᠠᠭ᠎ᠠ ᠲᠠᠢ ᠤᠷᠠᠨ ᠵᠢᠷᠤᠭ ᠢ ᠪᠦᠲᠦᠭᠡᠬᠦᠶ᠎ᠡ ︽ᠪᠤᠳᠤᠭ ᠬᠦᠷᠦᠯᠴᠡᠪᠡᠴᠦ ᠰᠠᠨᠠᠭᠠᠨ ᠬᠦᠷᠦᠯᠴᠡᠬᠦ ᠦᠭᠡᠢ︾ ᠠᠵᠢ᠃ ᠰᠢᠨ᠎ᠡ ᠣᠨ ᠤ ᠳᠦᠷᠢ ᠵᠢᠷᠤᠭ ᠰᠣᠯᠣᠩᠭ᠎ᠠ ᠶᠢᠨ ᠲᠤᠯᠤᠭᠠᠨ ᠥᠩᠭᠡ ᠪᠠᠷ ᠮᠢᠷᠠᠯᠵᠠᠨ ᠠᠮᠢᠵᠢᠷᠠᠯ ᠤᠨ ᠲᠤᠯᠤᠭᠠᠨ ᠨᠣᠲ ᠢᠶᠠᠷ ᠤᠶᠠᠩᠭᠠᠷᠠᠨ ᠬᠦᠰᠡᠯ ᠲᠡᠮᠡᠦᠯᠦᠯ ᠢ ᠬᠤᠷᠦ᠋ᠢᠯᠠᠨ ᠬᠥᠭᠵᠢᠯ ᠲᠠᠪᠰᠢᠯ ᠳᠤ ᠤᠷᠠᠶᠢᠯᠠᠨᠠᠮ ᠪᠦᠯᠦᠭᠡ᠃    ᠰᠢᠨ᠎ᠡ ᠣᠨ ᠤ ᠪᠢᠯᠬᠠᠮ᠎ᠠ ᠰᠡᠳᠬᠢᠯᠭᠡ ᠶᠢ ᠰᠢᠯᠦᠭᠯᠡᠵᠦ ᠳᠠᠭᠤᠰᠤᠰᠢ ᠦᠭᠡᠢ᠃ ᠣᠷᠭᠢᠯᠤᠮ᠎ᠠ ᠴᠠᠯᠭᠢᠯᠤᠮ᠎ᠠ ᠮᠥᠷᠲᠡᠭᠡᠨ ᠷᠣᠮᠠᠨᠲ᠋ᠢᠭ ᠥᠩᠭᠡ ᠪᠤᠳᠤᠭ ᠪᠦᠬᠦᠢ ᠢᠷᠠᠭᠤ ᠲᠤᠤᠯᠢᠰᠯᠢᠭ ᠦᠵᠡᠯ ᠰᠠᠨᠠᠭ᠎ᠠ ᠪᠣᠯ ᠰᠢᠨ᠎ᠡ ᠣᠨ ᠮᠥᠨ ᠶᠤᠮ᠃ ᠮᠥᠰᠥ ᠪᠠᠨ ᠴᠤᠭᠤᠴᠢᠨ ᠴᠤᠭᠤᠴᠢᠨ ᠲᠡᠯᠡᠷᠡᠬᠦ ᠬᠠᠷᠠᠵᠠ ᠶᠢᠨ ᠤᠶᠠᠬᠠᠨ ᠵᠢᠷᠢᠯᠵᠡᠭᠡ᠂ ᠬᠥᠷᠥᠰᠥᠨ ᠳᠣᠣᠷ᠎ᠠ ᠪᠠᠨ ᠡᠰᠡᠨᠢᠯ ᠮᠠᠨᠠᠨ ᠳᠤᠭᠵᠢᠷᠠᠬᠤ ᠦᠨᠳᠦᠰᠦᠨ ᠤ ᠮᠢᠩᠭᠠᠨ ᠭᠦᠪᠦᠷᠠᠯ᠂ ᠮᠠᠯᠴᠢᠨ ᠠᠶᠢᠯ ᠤᠨ ᠳᠤᠯᠠᠭᠠᠨ ᠰᠠᠷᠠᠪᠴᠢᠨ ᠠᠴᠠ ᠰᠣᠨᠣᠷᠳᠠᠬᠤ ᠲᠥᠯ ᠤᠨ ᠨᠢᠯᠬ᠎ᠠ ᠲᠠᠭᠤᠨ᠂ ᠬᠢᠴᠢᠶᠡᠯ ᠤᠨ ᠲᠠᠩᠬᠢᠮ ᠠᠴᠠ ᠴᠤᠤᠷᠢᠶᠠᠯᠠᠬᠤ ᠬᠡᠦᠬᠡᠳ ᠤᠨ ᠢᠷᠠᠭᠤ ᠤᠩᠰᠢᠯᠭ᠎ᠠ ᠁ ᠬᠠᠮ ᠰᠡᠷᠡᠯ᠂ ᠰᠠᠮ ᠳᠣᠬᠢᠶ᠎ᠠ ᠪᠦᠬᠦᠢ ᠢᠷᠠᠭᠤ ᠨᠠᠶᠢᠷᠠᠭ ᠤᠨ ᠤᠷᠠᠨ ᠰᠠᠨᠠᠭ᠎ᠠ - ᠦᠵᠦᠭ ᠤᠨ ᠦᠵᠦᠭᠦᠷ᠂ ᠡᠴᠢᠨ᠎ᠡ ᠪᠤᠳᠤᠯ ᠢ ᠬᠤᠯᠠ ᠶᠢᠨ ᠬᠤᠯᠠ ᠳᠤ ᠬᠥᠲᠥᠯᠥᠨᠡᠮ᠃    ︽ᠰᠢᠨ᠎ᠡ ᠣᠨ ᠁︾ ᠬᠡᠮᠡᠬᠦ ᠢᠯᠳᠠᠮᠬᠠᠨ ᠰᠡᠳᠬᠢᠮᠵᠢ ᠪᠦᠬᠦᠢ ᠠᠶᠠᠲᠠᠶᠢᠬᠠᠨ ᠨᠠᠶᠢᠷᠠᠭᠤᠯᠤᠯ ᠬᠡᠯᠬᠢᠨ ᠰᠠᠭᠤᠲᠠᠯ᠎ᠠ ᠱᠣᠩ ᠳᠡᠭᠡᠷ᠎ᠡ ᠱᠠᠭᠠᠵᠠᠭᠠᠢ ᠱᠠᠭᠰᠢᠨ᠂ ᠬᠤᠲᠠᠴᠢ ᠬᠠᠯᠲᠠᠷ ᠴᠢᠮᠡᠭᠡᠯᠡᠵᠦ ᠭᠡᠶᠢᠴᠢᠨ ᠢᠷᠡᠬᠦ ᠶᠢ ᠮᠡᠳᠡᠭᠡᠯᠡᠪᠡ᠃ ᠨᠠᠷᠠᠨ ᠤ ᠲᠤᠶᠠᠭ᠎ᠠ ᠬᠠᠯᠠᠭᠤᠴᠠᠨ ᠲᠤᠨᠤᠷᠠᠭᠰᠠᠨ ᠪᠣᠯᠣᠷ ᠭᠡᠭᠡᠪᠴᠢ ᠪᠠᠷ ᠢᠶᠠᠨ ᠥᠩᠭᠡᠶᠢᠨ ᠪᠠᠷᠠᠯᠠᠬᠤ ᠳᠤ ᠭᠠᠩᠭᠠᠩ ᠬᠠᠷ᠎ᠠ ᠮᠣᠷᠢ ᠲᠠᠢ ᠬᠥᠳᠡᠭᠡ ᠶᠢᠨ ᠰᠢᠤᠳᠠᠨᠴᠢ - ᠬᠦᠳᠡᠷᠯᠢᠭ ᠪᠣᠷᠣ ᠵᠠᠯᠠᠭᠤ ᠮᠥᠩᠭᠦᠨ ᠪᠠᠭᠠᠪᠤᠷ ᠲᠠᠢ ᠡᠮᠡᠭᠡᠯ ᠤᠨ ᠪᠦᠭᠦᠷᠭᠡ ᠠᠯᠠᠭᠠᠳᠠᠨ ᠤᠶᠠᠭᠠᠨ ᠳᠡᠭᠡᠷ᠎ᠡ ᠵᠢᠯᠣᠭᠤ ᠲᠠᠳᠠᠨ ᠲᠦᠷᠦᠭᠡ ᠮᠤᠯᠲᠤᠯᠵᠤ ᠪᠠᠶᠢᠯ᠎ᠠ᠃    ᠲᠤᠰᠤᠭᠠᠳ ᠭᠠᠷᠬᠤ ᠳᠤ ᠭᠦᠭᠡᠬᠤᠳᠠ ᠳᠤ ᠠᠯᠪᠠᠯᠠᠳᠠᠭ ᠪᠢᠴᠢᠭ ᠤᠨ ᠠᠨᠳᠠ ᠠᠴᠠ ᠮᠢᠨᠢ ᠢᠯᠡᠭᠡᠭᠰᠡᠨ ᠨᠠᠷᠠ ᠮᠦᠰᠢᠶᠡᠭᠰᠡᠨ ᠴᠠᠰᠤᠲᠤ ᠲᠠᠯ᠎ᠠ ᠳᠡᠭᠡᠭᠦᠷ ᠨᠠᠭᠠᠰᠢ ᠪᠠᠨ ᠳᠣᠪᠲᠤᠯᠤᠭ᠎ᠠ ᠠᠳᠤᠭᠤᠴᠢᠨ ᠡᠷ᠎ᠡ ᠶᠢᠨ ᠵᠢᠷᠤᠭ ᠲᠠᠢ ᠰᠢᠨ᠎ᠡ ᠣᠨ ᠤ ᠮᠠᠨᠳᠤ ᠶᠢ ᠬᠦᠷᠭᠡᠭᠰᠡᠨ ᠢᠯᠠ ᠵᠠᠬᠢᠳᠠᠯ ᠤᠨ ᠺᠠᠷᠲ ᠢ ᠨᠣᠭᠤᠭᠠᠨ ᠪᠣᠭᠴᠣᠨ ᠠᠴᠠ ᠪᠠᠨ ᠭᠠᠷᠭᠠᠵᠤ ᠨᠠᠳᠠᠳᠤ ᠭᠠᠷᠳᠠᠭᠤᠯᠤᠯ᠎ᠠ᠃    ᠲᠡᠷᠠ ᠭᠱᠠᠨ᠎ᠠ ᠵᠢᠷᠦᠬᠡ ᠰᠡᠳᠬᠢᠯ ᠮᠢᠨᠢ ᠤᠷᠢᠳᠤ ᠪᠠᠶᠢᠭ᠎ᠠ ᠦᠭᠡᠢ ᠦᠢᠯᠠᠰᠤᠨ ᠳᠣᠭᠳᠣᠯᠪᠠ᠃ ᠪᠢᠳᠡ ᠴᠢᠨᠢ ᠰᠢᠨ᠎ᠡ ᠣᠨ ᠳᠠᠭᠠᠨ ᠢᠩᠭᠢᠵᠦ ᠯᠠ ᠬᠡᠶᠢᠮᠣᠷᠢ ᠲᠠᠢ ᠭᠠᠯᠭᠢᠭᠤᠯᠳᠠᠭ ᠪᠠᠶᠢᠨ᠎ᠠ ᠰᠢᠤ︕   
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ