ᠣᠪᠣᠭᠠᠨ ᠲᠠᠬᠢᠯᠭ᠎ᠠ ᠶᠢ ᠲᠣᠬᠢᠯᠢᠭ ᠪᠡᠯᠡᠳᠬᠡᠬᠦ ᠶᠢᠨ ᠲᠤᠰᠠᠳᠠ᠂ ᠵᠢᠯ ᠪᠦᠷᠢ ᠶᠢᠨ ᠣᠪᠣᠭᠠᠨ ᠲᠠᠬᠢᠯᠭ᠎ᠠ ᠪᠤᠯᠬᠤ ᠳᠤ ᠯᠠᠮᠠ ᠬᠤᠪᠢᠯᠭᠠᠨ ᠴᠤᠭᠯᠠᠷᠠᠵᠤ ᠨᠣᠮ | ᠤᠩᠰᠢᠵᠤ ᠪᠦᠲᠦᠭᠡᠯᠭᠡ ︵ᠪᠦᠲᠦᠭᠡᠬᠦ︶ ᠵᠡᠷᠭᠡ ᠶᠢᠨ ᠦᠢᠯᠡ ᠶᠢ ᠬᠢᠵᠦ᠂ ᠳ᠋ᠧᠩᠯᠦ ᠡᠯᠭᠦᠵᠦ᠂ ᠬᠦᠵᠢ ᠵᠤᠯᠠ ᠤᠨᠲᠠᠷᠠᠭᠠᠳᠠᠭ ᠦᠭᠡᠢ᠃ ᠲᠠᠬᠢᠭᠠᠳ ᠬᠡᠯᠡᠪᠡᠯ᠂ ᠣᠪᠣᠭᠠᠨ ᠤ | ᠲᠠᠬᠢᠯᠭ᠎ᠠ ᠨᠢ ᠭᠠᠭᠴᠠ ᠭᠠᠵᠠᠷ ᠤᠰᠤ ᠶᠢ ᠲᠠᠬᠢᠵᠤ ᠪᠠᠶᠢᠭ᠎ᠠ ᠪᠢᠰᠢ᠂ ᠬᠠᠷᠢᠨ ᠲᠡᠭᠷᠢ᠂ ᠤᠳᠤᠨ ᠭᠠᠷᠠᠭ᠂ ᠳᠡᠭᠡᠳᠦᠰ᠂ ᠰᠦᠨᠡᠰᠦ ᠶᠢ ᠴᠥᠮ ᠲᠠᠬᠢᠳᠠᠭ ᠪᠥᠭᠡᠳ | ᠣᠪᠣᠭᠠᠨ ᠳᠤ ᠪᠠᠨ ᠥᠴᠢᠭ ᠳᠠᠭᠠᠳᠬᠠᠯ ᠬᠢᠳᠡᠭ ᠪᠠᠶᠢᠨ᠎ᠠ᠃ ᠲᠡᠭᠡᠬᠦ ᠳᠤ ᠪᠠᠨ ᠲᠡᠳᠡᠭᠡᠷ ᠪᠠᠶᠢᠭᠠᠯᠢ ᠶᠢᠨ ᠪᠣᠳᠠᠰ ᠢ ᠭᠠᠭᠴᠠ ᠭᠠᠭᠴᠠ ᠪᠠᠷ ᠨᠢ ᠰᠢᠲᠦᠵᠦ ᠲᠠᠬᠢᠬᠤ | ᠪᠢᠰᠢ᠂ ᠬᠠᠷᠢᠨ ᠪᠠᠶᠢᠭᠠᠯᠢ ᠶᠢᠨ ᠤᠯᠠᠨ ᠲᠠᠬᠢᠯᠭ᠎ᠠ ᠶᠢ ᠣᠪᠣᠭᠠᠨ ᠳᠡᠭᠡᠷ᠎ᠡ ᠲᠥᠪᠯᠡᠷᠡᠭᠦᠯᠵᠦ ᠲᠠᠬᠢᠳᠠᠭ᠃ ᠣᠪᠣᠭᠠᠨ ᠤ ᠲᠠᠬᠢᠯᠭ᠎ᠠ ᠡᠬᠢᠯᠡᠬᠦ ᠦᠶ᠎ᠡ ᠳᠤ ᠲᠠᠬᠢᠯᠭ᠎ᠠ ᠳᠤ | ᠣᠷᠤᠯᠴᠠᠬᠤ ᠪᠠᠷ ᠢᠷᠡᠭᠰᠡᠨ ᠣᠪᠣᠭᠠᠨ ᠳᠤ ᠪᠠᠨ ᠮᠥᠷᠭᠦᠬᠦ ᠶᠢᠨ ᠤᠷᠢᠳ ᠣᠪᠣᠭᠠᠨ ᠤ ᠲᠠᠬᠢᠯᠭ᠎ᠠ ᠶᠢᠨ ᠥᠴᠢᠭ ᠤᠩᠰᠢᠵᠤ᠂ ᠨᠤᠲᠤᠭ ᠤᠰᠤᠨ ᠤ ᠰᠠᠬᠢᠭᠤᠰᠤ᠂ | ᠲᠡᠭᠷᠢ ᠳᠤ ᠰᠦᠰᠦᠭᠯᠡᠨ ᠮᠥᠷᠭᠦᠵᠦ ᠣᠪᠣᠭᠠᠨ ᠳᠤ ᠪᠠᠨ ᠪᠤᠷᠭᠠᠰᠤ᠂ ᠴᠢᠯᠠᠭᠤ ᠵᠡᠷᠭᠡ ᠶᠢ ᠨᠡᠮᠡᠷᠢᠯᠡᠭᠡᠳ ᠲᠠᠷᠠᠭ᠎ᠠ ᠨᠢ ᠠᠪᠴᠢᠷᠠᠭᠰᠠᠨ ᠳᠡᠭᠡᠵᠢ ᠪᠠᠨ ᠣᠪᠣᠭᠠᠨ ᠳᠤ | ᠡᠷᠭᠦᠬᠦ ᠦᠶ᠎ᠡ ᠳᠤ ᠳᠠᠭᠠᠳᠬᠠᠯ ᠤᠩᠰᠢᠳᠠᠭ᠃ | ᠣᠪᠣᠭᠠᠨ ᠤ ᠥᠴᠢᠭ ︵ᠲᠠᠬᠢᠯᠭ᠎ᠠ︶ ᠨᠢ ᠭᠤᠣᠯᠳᠠᠭᠤ ᠲᠡᠭᠷᠢ ︵ᠤᠳᠤᠨ ᠭᠠᠷᠠᠭ︶᠂ ᠭᠠᠵᠠᠷ ᠪᠠ ᠨᠤᠲᠤᠭ ᠤᠰᠤᠨ ᠤ ᠰᠠᠶᠢᠨ ᠰᠠᠶᠢᠬᠠᠨ ᠢ ᠵᠢᠷᠤᠭᠯᠠᠨ ᠳᠦᠷᠰᠦᠯᠡᠬᠦ᠂ | ᠮᠥᠨ ᠲᠡᠭᠦᠨ ᠤ ᠭᠠᠪᠢᠶ᠎ᠠ ᠵᠢᠳᠬᠦᠯ ᠢ ᠢᠷᠦᠭᠡᠨ ᠮᠠᠭᠲᠠᠵᠤ ᠰᠢᠯᠦᠭᠯᠡᠨ᠂ ᠥᠪᠡᠷᠰᠡᠳ ᠤᠨ ᠢᠶᠠᠨ ᠡᠩᠬᠡ ᠮᠡᠨᠳᠦ᠂ ᠡᠯᠪᠡᠭ ᠪᠠᠶᠠᠨ ᠠᠮᠢᠳᠤᠷᠠᠯ ᠪᠠ ᠠᠵᠠ ᠵᠢᠷᠭᠠᠯ ᠢ | ᠵᠥᠩᠨᠡᠨ ᠪᠡᠯᠭᠡᠳᠡᠭᠰᠡᠨ ᠠᠭᠤᠯᠭ᠎ᠠ ᠲᠠᠢ ᠪᠠᠶᠢᠳᠠᠭ᠃ ᠣᠪᠣᠭᠠᠨ ᠤ ᠳᠠᠭᠠᠳᠬᠠᠯ ᠨᠢ ᠭᠤᠣᠯᠳᠠᠭᠤ ᠲᠠᠬᠢᠯᠭ᠎ᠠ ᠳᠤ ᠣᠷᠣᠯᠴᠠᠭᠰᠠᠳ ᠥᠪᠡᠷ ᠤᠨ ᠰᠠᠳᠤᠨ ᠲᠦᠷᠦᠯ᠂ ᠠᠶᠢᠯ | ᠠᠶᠢᠮᠠᠭ᠂ ᠣᠪᠣᠭ ᠤᠭᠰᠠᠭᠠᠲᠠᠨ ᠤ ᠪᠠᠨ ᠬᠠᠷᠢ ᠶᠢᠨ ᠳᠠᠶᠢᠰᠤᠨ ᠤ ᠠᠶᠤᠯ ᠦᠭᠡᠢ᠂ ᠡᠷᠡᠭᠦᠯ ᠡᠩᠬᠡ ᠪᠥᠭᠡᠳ ᠨᠤᠲᠤᠭ ᠤᠰᠤ ᠨᠢ ᠬᠤᠷ᠎ᠠ ᠪᠣᠷᠣᠭᠠᠨ ᠲᠠᠢ ᠦᠩᠰᠢᠭ | ᠰᠠᠶᠢᠬᠠᠨ ᠪᠠᠶᠢᠬᠤ ᠶᠢ ᠵᠥᠩᠨᠡᠵᠦ᠂ ᠮᠥᠨ ᠲᠡᠳᠡᠭᠡᠷ ᠤᠨ ᠠᠯᠢᠪᠠ ᠠᠵᠢᠯ ᠦᠢᠯᠡᠰ ᠤᠨ ᠥᠭᠡᠳᠡ ᠡᠰᠡᠷᠡᠭ᠂ ᠥᠪᠡᠷ ᠤᠨ ᠠᠯᠢᠪᠠ ᠦᠢᠯᠡᠰ ᠰᠡᠳᠬᠢᠯᠴᠢᠯᠡᠨ ᠪᠦᠲᠦᠬᠦ᠂ | ᠠᠴᠢᠷ ᠬᠡᠦᠬᠡᠳ ᠨᠣᠮ ᠰᠤᠷᠭᠠᠯ ᠲᠠᠢ ᠪᠠᠶᠢᠬᠤ ᠵᠡᠷᠭᠡ ᠶᠢ ᠵᠠᠯᠪᠠᠷᠢᠨ ᠳᠠᠭᠠᠳᠬᠠᠭᠰᠠᠨ ᠠᠭᠤᠯᠭ᠎ᠠ ᠲᠠᠢ ᠪᠠᠶᠢᠳᠠᠭ᠃ ᠣᠪᠣᠭ᠎ᠠ ᠶᠢ ᠲᠠᠬᠢᠬᠤ ᠳᠤ ᠥᠴᠢᠭ ᠳᠠᠭᠠᠳᠬᠠᠯ ᠨᠢ | ᠦᠨᠳᠦᠰᠦᠨ ᠳᠤ ᠪᠠᠨ ᠠᠳᠠᠯᠢ ᠪᠠᠶᠢᠳᠠᠭ ᠪᠤᠯᠪᠠᠴᠤ ᠭᠠᠩ ᠭᠠᠴᠢᠭ ᠲᠠᠢ ᠵᠢᠯ ᠪᠣᠯ ᠯᠠᠮᠠ ᠨᠠᠷ ᠢᠶᠠᠷ ᠨᠣᠮ ᠤᠩᠰᠢᠭᠤᠯᠵᠤ ᠲᠡᠭᠷᠢ ᠪᠤᠷᠬᠠᠨ ᠠᠴᠠ ᠪᠣᠷᠣᠭᠠᠨ | ᠬᠠᠶᠢᠷᠠᠯᠠᠬᠤ ᠶᠢ ᠭᠤᠶᠤᠵᠤ ᠮᠥᠷᠭᠦᠯ ᠳᠠᠭᠠᠳᠬᠠᠯ ᠬᠢᠳᠡᠭ᠃ ᠢᠩᠭᠢᠭᠰᠡᠨ ᠤ ᠲᠠᠷᠠᠭ᠎ᠠ ᠣᠪᠣᠭᠠᠨ ᠤ ᠲᠠᠬᠢᠯᠭ᠎ᠠ ᠶᠢᠨ ᠳᠠᠭᠠᠭᠠᠮᠠᠯ ᠪᠤᠶᠤ ᠨᠤᠲᠤᠭ ᠤᠨ ᠠᠬᠠᠯᠠᠭᠴᠢ ᠨᠢ | ᠵᠢᠯ ᠲᠤᠷᠰᠢᠬᠢ ᠨᠤᠲᠤᠭ ᠣᠷᠣᠨ ᠤ ᠬᠡᠷᠡᠭ ᠵᠢᠭᠤᠷᠠᠭᠠᠨ᠂ ᠭᠡᠷ ᠪᠦᠯᠢ ᠶᠢᠨ ᠪᠠ ᠠᠶᠢᠯ ᠠᠶᠢᠮᠠᠭ ᠤᠨ ᠡᠪᠳᠡᠷᠡᠯ ᠬᠠᠭᠠᠴᠠᠯ ᠢ ᠰᠢᠳᠤᠷᠭᠤ ᠪᠠᠷ ᠰᠢᠢᠳᠪᠦᠷᠢᠯᠡᠵᠦ | ᠲᠠᠰᠤᠯᠤᠭᠠᠳ ᠬᠡᠷᠡᠭ ᠲᠤ ᠰᠢᠢᠳᠬᠡᠭᠳᠡᠭᠰᠡᠳ ᠢ ᠣᠪᠣᠭᠠᠨ ᠳᠤ ᠮᠥᠷᠭᠦᠭᠦᠯᠵᠦ ᠵᠠᠷᠭᠤ ᠲᠠᠰᠤᠯᠳᠠᠭ᠃ ᠡᠶᠢᠮᠦᠷᠬᠦᠦ ᠵᠠᠩᠰᠢᠯ ᠰᠡᠭᠦᠯᠳᠡᠵᠦ ᠦᠨᠳᠦᠰᠦᠨ ᠳᠤ ᠪᠠᠨ | ᠬᠠᠶᠠᠭᠳᠠᠭᠰᠠᠨ ᠪᠠᠶᠢᠨ᠎ᠠ᠃ ᠢᠩᠭᠢᠭᠡᠳ ︽ᠣᠪᠣᠭᠠᠨ ᠤ ᠰᠤᠭ︾ ᠢ ᠣᠪᠣᠭᠠᠨ ᠳᠤ ᠳᠡᠭᠡᠵᠢᠯᠡᠭᠦᠯᠦᠭᠰᠡᠨ ᠤ ᠲᠠᠷᠠᠭ᠎ᠠ ᠣᠪᠣᠭᠠᠨ ᠤ ᠨᠠᠶᠢᠷ ᠡᠬᠢᠯᠡᠨ᠎ᠡ᠃ | ᠣᠪᠣᠭᠠᠨ ᠤ ᠨᠠᠶᠢᠷ ᠤᠨ ᠭᠤᠣᠯ ᠠᠭᠤᠯᠭ᠎ᠠ ᠨᠢ ᠣᠪᠣᠭᠠᠨ ᠤ ᠥᠴᠢᠭ ᠳᠠᠭᠠᠳᠬᠠᠯ ᠬᠢᠬᠦ ᠪᠠ ︽ᠡᠷ᠎ᠡ ᠶᠢᠨ ᠭᠤᠷᠪᠠᠨ ᠨᠠᠭᠠᠳᠤᠮ︾ ᠶᠤᠮ᠃ ᠮᠣᠷᠢ | ᠤᠷᠤᠯᠳᠤᠬᠤ ᠳᠤ ᠪᠠᠨ ᠠᠵᠢᠷᠭ᠎ᠠ ᠪᠠ ᠠᠭᠲᠠ ᠮᠣᠷᠢᠳ ᠢ ᠤᠷᠤᠯᠳᠤᠭᠤᠯᠬᠤ ᠪᠤᠯᠪᠠᠴᠤ ᠠᠭᠲᠠ ᠮᠣᠷᠢᠳ ᠢ ᠠᠵᠢᠷᠭ᠎ᠠ ᠲᠠᠢ ᠨᠡᠶᠢᠯᠡᠭᠦᠯᠬᠦ ᠦᠭᠡᠢ ᠪᠠᠷ ᠠᠰ ᠲᠤ ᠨᠢ | ᠤᠷᠤᠯᠳᠤᠭᠤᠯᠤᠭᠠᠳ ᠬᠤᠷᠳᠤᠨ ᠮᠣᠷᠢᠳ ᠢ ᠰᠢᠯᠭᠠᠷᠠᠭᠤᠯᠳᠠᠭ᠃ ᠡᠭᠦᠨ ᠤ ᠳᠠᠭᠠᠤ ᠵᠢᠷᠤᠭ᠎ᠠ ᠮᠣᠷᠢᠳ ᠢ ᠰᠢᠯᠭᠠᠷᠠᠭᠤᠯᠳᠠᠭ᠃ ᠲᠡᠷᠢᠭᠦᠯᠡᠭᠰᠡᠨ ᠮᠣᠷᠢᠳ ᠲᠤ ᠣᠪᠣᠭᠠᠨ ᠤ | ᠲᠠᠬᠢᠯᠭ᠎ᠠ ᠶᠢᠨ ᠳᠠᠭᠠᠭᠠᠮᠠᠯ ᠠᠴᠠ ᠱᠠᠩᠨᠠᠯ ᠬᠦᠷᠲᠡᠭᠡᠨ᠎ᠡ᠃ ᠪᠦᠭᠡ ᠨᠢ ᠭᠤᠣᠯᠳᠠᠭᠤ ᠣᠷᠳᠣᠰ ᠪᠦᠭᠡ ᠮᠥᠷᠥᠶᠢᠴᠡᠵᠦ᠂ ᠲᠡᠷᠢᠭᠦᠨ᠂ ᠳᠡᠳ᠋᠂ ᠰᠢᠷᠣᠢ ᠶᠢᠨ ᠪᠦᠭᠡ ᠳᠤ | ᠱᠠᠩᠨᠠᠯ ᠣᠯᠭᠤᠨ᠎ᠠ᠃ ᠬᠤᠰᠢᠭᠤ ᠲᠡᠰ ᠤᠨ ᠣᠪᠣᠭᠠᠨ ᠤ ᠲᠠᠬᠢᠯᠭ᠎ᠠ ᠳᠡᠭᠡᠷ᠎ᠡ ᠪᠦᠭᠡ ᠲᠠᠷᠬᠠᠯᠠᠬᠤ ᠶᠣᠰᠣᠨ ᠪᠠᠶᠢᠳᠠᠭ᠃ ᠨᠤᠮᠤ ᠰᠤᠮᠤ ᠬᠠᠷᠪᠤᠬᠤ ᠨᠢ ᠪᠠᠰᠠ ᠭᠤᠷᠪᠠᠨ | ᠲᠡᠰ ᠤᠨ ᠱᠠᠩᠨᠠᠯ ᠲᠠᠢ᠃ ᠰᠡᠭᠦᠯ ᠤᠨ ᠦᠶ᠎ᠡ ᠪᠣᠯᠵᠤ ᠢᠷᠡᠭᠡᠳ ᠡᠨᠡ ᠬᠦ ᠨᠠᠭᠠᠳᠤᠮ ᠴᠥᠭᠡᠷᠡᠵᠡᠢ᠃ ᠱᠠᠩᠨᠠᠯ ᠢ ᠣᠪᠣᠭᠠᠨ ᠳᠤ ᠡᠷᠭᠦᠭᠰᠡᠨ ᠡᠳ᠋ ᠲᠠᠸᠠᠷ ᠤᠨ | ᠪᠠᠶᠢᠳᠠᠯ ᠢ ᠦᠨᠳᠦᠰᠦᠯᠡᠵᠦ ᠲᠣᠭᠲᠠᠭᠠᠳᠠᠭ᠃ ᠶᠡᠭᠡ ᠳᠤ ᠪᠠᠨ ᠦᠬᠡᠷ᠂ ᠬᠤᠨᠢ᠂ ᠮᠣᠷᠢ ᠱᠠᠩᠨᠠᠬᠤ᠂ ᠣᠯᠠᠩᠬᠢ ᠳᠤ ᠪᠠᠨ ᠬᠡᠪ ᠤᠨ ᠴᠠᠢ᠂ ᠬᠤᠨᠢᠨ ᠲᠣᠯᠣᠭᠠᠢ᠂ ᠪᠡᠯᠡᠨ | ᠮᠥᠩᠭᠦ ᠵᠡᠷᠭᠡ ᠪᠠᠷ ᠱᠠᠩᠨᠠᠨ᠎ᠠ᠃ | |