ᠱᠠᠭ᠎ᠠ ᠪᠠᠷ ᠠᠵᠠ ᠬᠡᠶᠢᠮᠣᠷᠢ ᠰᠢᠨᠵᠢᠬᠦ
ᠨᠡᠶᠢᠲᠡᠯᠡᠭᠰᠡᠨ ᠴᠠᠭ᠄
2025/1/13
    ᠲᠣᠰ ᠲᠤᠭᠯᠠᠭᠠᠮ ᠳᠤ ᠬᠡᠳᠦᠨ ᠬᠦᠮᠦᠨ ᠣᠷᠤᠭᠰᠠᠨ ᠴᠦ ᠪᠤᠯᠤᠨ᠎ᠠ᠃ ᠨᠠᠭᠠᠳᠤᠮ ᠳᠤ ᠱᠠᠭ᠎ᠠ ᠬᠡᠷᠡᠭᠯᠡᠬᠦ ᠪᠦᠭᠡᠳ ᠲᠡᠭᠦᠨ ᠢᠶᠠᠨ ᠲᠦᠷᠪᠡᠨ ᠪᠡᠷᠬᠡ ᠣᠷᠭᠢᠬᠤ ᠭᠡᠳᠡᠭ᠃ ᠲᠦᠷᠪᠡᠨ ᠱᠠᠭ᠎ᠠ ᠶᠢ ᠮᠤᠷᠢ᠂ ᠲᠡᠮᠡᠭᠡ᠂ ᠬᠤᠨᠢ᠂ ᠢᠮᠠᠭ᠎ᠠ ᠪᠤᠯᠭᠠᠵᠤ ᠣᠷᠬᠢᠬᠤ ᠳᠤ ᠪᠡᠷᠬᠡ ᠲᠠᠢ ᠪᠤᠯᠬᠤᠷ ᠲᠦᠷᠪᠡᠨ ᠪᠡᠷᠬᠡ ᠭᠡᠵᠤ ᠨᠡᠷᠡᠯᠡᠵᠡᠢ᠃ ᠲᠦᠷᠪᠡᠨ ᠪᠡᠷᠬᠡ ᠣᠷᠬᠢᠵᠤ ᠬᠡᠶᠢᠮᠣᠷᠢ ᠰᠢᠨᠵᠢᠬᠦ ᠳᠡᠭᠡᠨ ᠮᠣᠷᠢ᠂ ᠬᠤᠨᠢ ᠶᠢ ᠬᠠᠯᠠᠭᠤᠨ ᠬᠤᠰᠢᠭᠤᠳᠤ ᠭᠡᠵᠤ ᠪᠡᠯᠭᠡᠰᠢᠶᠡᠨ ᠦᠵᠡᠬᠦ ᠵᠠᠩᠰᠢᠯ ᠲᠠᠢ᠃ ᠱᠠᠭ᠎ᠠ ᠶᠢ ᠪᠠᠷᠠᠭᠤᠨ ᠭᠠᠷ ᠲᠤ ᠪᠠᠨ ᠠᠪᠴᠣ᠂ ᠲᠡᠭᠰᠢ ᠵᠦᠭᠡᠯᠡᠨ ᠲᠠᠯᠠᠪᠠᠢ ᠳᠤ ᠣᠷᠬᠢᠨ᠎ᠠ᠃ ᠲᠦᠷᠪᠡᠨ ᠪᠡᠷᠬᠡ ᠶᠢ ᠣᠷᠬᠢᠬᠤ ᠳᠤ 32 ᠲᠤᠬᠢᠶᠠᠯᠳᠣᠯ ᠪᠠᠶᠢᠳᠠᠭ᠃ ᠲᠣᠬᠠᠶᠢᠯᠠᠪᠠᠯ ᠮᠤᠷᠢ ᠪᠠᠭᠤᠬᠤ ᠦᠭᠡᠢ᠂ ᠪᠣᠰᠣᠳ ᠨᠢ ᠦᠭᠡᠷᠡᠴᠢᠯᠡᠭᠳᠡᠬᠦ 13 ᠲᠤᠬᠢᠶᠠᠯᠳᠣᠯ᠃ ᠮᠣᠷᠢ 1 ᠪᠠᠭᠤᠵᠤ᠂ ᠪᠤᠠᠰᠣᠳ ᠨᠢ ᠦᠭᠡᠷᠡᠴᠢᠯᠡᠭᠳᠡᠬᠦ 9 ᠲᠤᠬᠢᠶᠠᠯᠳᠣᠯ᠃ ᠮᠤᠷᠢ 2 ᠪᠠᠭᠤᠵᠤ᠂ ᠪᠣᠰᠣᠳ ᠨᠢ ᠦᠭᠡᠷᠡᠴᠢᠯᠡᠭᠳᠡᠬᠦ 6 ᠲᠤᠬᠢᠶᠠᠯᠳᠣᠯ᠂ ᠮᠤᠷᠢ 3 ᠪᠠᠭᠤᠵᠤ ᠪᠣᠰᠣᠳ ᠨᠢ ᠦᠭᠡᠷᠡᠴᠢᠯᠡᠭᠳᠡᠬᠦ 3 ᠲᠤᠬᠢᠶᠠᠯᠳᠣᠯ᠂ ᠮᠤᠷᠢ 4 ᠪᠠᠭᠤᠬᠤ 1 ᠲᠤᠬᠢᠶᠠᠯᠳᠤᠯ᠃ ᠡᠭᠦᠨ ᠢ ᠲᠣᠣᠷᠠᠬᠢ ᠮᠡᠳᠤ ᠲᠠᠶᠢᠯᠪᠤᠷᠢᠯᠠᠨ᠎ᠠ᠃    — — ᠲᠦᠷᠪᠡᠨ ᠮᠤᠷᠢ ᠪᠠᠭᠤᠪᠠᠯ ᠲᠦᠷᠪᠡᠨ ᠪᠡᠷᠬᠡ ᠶᠢᠨ ᠲᠡᠭᠡᠳᠤ ᠲᠦᠯᠭᠡ᠃    — — ᠲᠦᠷᠪᠡᠨ ᠲᠡᠮᠡᠭᠡ ᠪᠠᠭᠤᠪᠠᠯ ᠬᠦᠰᠡᠭᠰᠡᠨ ᠪᠦᠬᠦᠨ ᠰᠠᠭᠠᠳ ᠦᠭᠡᠢ᠃    — — ᠲᠦᠷᠪᠡᠨ ᠬᠤᠨᠢ ᠪᠠᠭᠤᠪᠠᠯ ᠣᠷᠳᠤ ᠣᠳᠠᠭᠠᠨ ᠦᠯᠵᠡᠶᠢᠳᠡᠢ᠃    — — ᠲᠦᠷᠪᠡᠨ ᠢᠮᠠᠭ᠎ᠠ ᠪᠠᠭᠤᠪᠠᠰᠣ ᠪᠣᠰᠣᠳ ` ᠤᠨ ᠭᠠᠷ ᠲᠤ ᠣᠷᠤᠨ᠎ᠠ᠃    — — ᠭᠤᠷᠪᠠᠨ ᠮᠣᠷᠢ᠂ ᠨᠢᠭᠡ ᠲᠡᠮᠡᠭᠡ ᠪᠠᠭᠤᠪᠠᠯ ᠬᠤᠷᠳᠤᠨ ᠢᠷᠡᠬᠦ ᠣᠴᠢᠬᠤ᠃    — — ᠭᠤᠷᠪᠠᠨ ᠮᠣᠷᠢ᠂ ᠨᠢᠭᠡ ᠬᠤᠨᠢ ᠪᠠᠭᠤᠪᠠᠯ ᠰᠠᠭᠠᠳ ᠦᠭᠡᠢ᠃    — — ᠭᠤᠷᠪᠠᠨ ᠮᠤᠷᠢ᠂ ᠨᠢᠭᠡ ᠲᠡᠮᠡᠭᠡ᠂ ᠨᠢᠭᠡ ᠬᠤᠨᠢ ᠪᠠᠭᠤᠪᠠᠯ ᠰᠠᠶᠢᠨ᠃    — — ᠬᠤᠶᠠᠷ ᠮᠤᠷᠢ ᠨᠢᠭᠡ ᠢᠮᠠᠭ᠎ᠠ᠂ ᠨᠢᠭᠡ ᠬᠤᠨᠢ ᠪᠠᠭᠤᠪᠠᠯ ᠰᠠᠭᠠᠳ ᠦᠭᠡᠢ ᠰᠠᠶᠢᠨ᠃    — — ᠬᠤᠶᠠᠷ ᠮᠣᠷᠢ ᠨᠢᠭᠡ ᠲᠡᠮᠡᠭᠡ᠂ ᠨᠢᠭᠡ ᠢᠮᠠᠭ᠎ᠠ ᠪᠠᠭᠤᠪᠠᠯ ᠦᠯᠵᠡᠶᠢᠳᠡᠢ ᠰᠠᠶᠢᠨ᠃    — — ᠬᠤᠶᠠᠷ ᠲᠡᠮᠡᠭᠡ᠂ ᠬᠤᠶᠠᠷ ᠮᠤᠷᠢ ᠪᠠᠭᠤᠪᠠᠯ ᠠᠵᠢᠯ ᠪᠦᠳᠦᠮᠵᠢᠳᠠᠢ᠃    — — ᠬᠤᠶᠠᠷ ᠮᠣᠷᠢ᠂ ᠬᠤᠶᠠᠷ ᠬᠤᠨᠢ ᠪᠠᠭᠤᠪᠠᠯ ᠠᠵᠢᠯ ᠦᠢᠯᠡᠰ ᠰᠠᠭᠠᠳ ᠦᠭᠡᠢ ᠪᠦᠳᠦᠬᠦ᠃    — — ᠨᠢᠭᠡ ᠮᠤᠷᠢ᠂ ᠭᠤᠷᠪᠠᠮ ᠲᠠᠮᠡᠭᠡ ᠪᠠᠭᠤᠪᠠᠯ ᠦᠪᠡᠷ ᠤᠨ ᠲᠠᠯ᠎ᠠ ᠳᠤ ᠪᠠᠳᠣ᠃    — —᠂ ᠨᠢᠭᠡ ᠮᠤᠷᠢ᠂ ᠭᠤᠷᠪᠠᠨ ᠬᠤᠨᠢ ᠪᠠᠭᠤᠪᠠᠯ ᠣᠷᠳᠤ ᠣᠳᠠᠭᠠᠨ ᠪᠠᠶᠠᠷ ᠲᠠᠢ᠃    — — ᠨᠢᠭᠡ ᠮᠤᠷᠢ᠂ ᠭᠤᠷᠪᠠᠨ ᠢᠮᠠᠭ᠎ᠠ ᠪᠠᠭᠤᠪᠠᠯ ᠬᠠᠷ᠎ᠠ ᠴᠠᠭᠠᠨ ᠬᠡᠯᠡ ᠠᠮᠠ ᠲᠠᠢ᠃    — — ᠨᠢᠭᠡ ᠮᠣᠷᠢ᠂ ᠬᠤᠶᠠᠷ ᠲᠡᠮᠡᠭᠡ᠂ ᠨᠢᠭᠡ ᠬᠤᠨᠢ ᠪᠠᠭᠤᠪᠠᠯ ᠦᠨᠡᠨ ᠳᠤ ᠦᠢᠷ᠎ᠠ ᠶᠢ ᠬᠦᠰᠡᠬᠦ᠃    — — ᠨᠢᠭᠡ ᠮᠣᠷᠢ᠂ ᠨᠢᠭᠡ ᠲᠡᠮᠡᠭᠡ᠂ ᠬᠤᠶᠠᠷ ᠬᠤᠨᠢ ᠪᠠᠭᠤᠪᠠᠯ ᠡᠳ᠋᠂ ᠬᠦᠮᠦᠨ ᠳᠤ ᠴᠢᠮᠡᠭᠡ ᠢᠷᠡᠬᠦ᠃    — — ᠨᠢᠭᠡ ᠮᠣᠷᠢ᠂ ᠨᠢᠭᠡ ᠲᠡᠮᠡᠭᠡ᠂ ᠬᠤᠶᠠᠷ ᠢᠮᠠᠭ᠎ᠠ ᠪᠠᠭᠤᠪᠠᠯ ᠠᠵᠢᠯ ᠳᠤ ᠪᠦᠳᠦᠮᠵᠢᠳᠠᠢ᠃    — — ᠨᠢᠭᠡ ᠮᠤᠷᠢ᠂ ᠬᠤᠶᠠᠷ ᠬᠤᠨᠢ᠂ ᠨᠢᠭᠡ ᠢᠮᠠᠭ᠎ᠠ ᠪᠠᠭᠤᠪᠠᠯ ᠬᠡᠯᠡ ᠠᠮᠠ ᠰᠠᠶᠢᠨ ᠲᠠᠯ᠎ᠠ ᠳᠤ ᠪᠠᠶᠠᠷ ᠲᠠᠢ᠃    — — ᠨᠢᠭᠡ ᠮᠤᠷᠢ᠂ ᠬᠤᠶᠠᠷ ᠲᠡᠮᠡᠭᠡ᠂ ᠨᠢᠭᠡ ᠢᠮᠠᠭ᠎ᠠ ᠪᠠᠭᠤᠪᠠᠯ ᠬᠡᠷᠡᠭ ᠶᠠᠪᠣᠳᠠᠯ ᠳᠤ ᠰᠠᠭᠠᠳ ᠦᠭᠡᠢ᠃    — — ᠨᠢᠭᠡ ᠮᠣᠷᠢ᠂ ᠨᠢᠭᠡ ᠲᠡᠮᠡᠭᠡ᠂ ᠨᠢᠭᠡ ᠬᠤᠨᠢ᠂ ᠨᠢᠭᠡ ᠢᠮᠠᠭ᠎ᠠ ᠪᠠᠭᠤᠪᠠᠯ ᠲᠡᠷᠢᠭᠦᠨ ᠲᠦᠯᠭᠡ᠃    — — ᠬᠤᠶᠠᠷ ᠲᠡᠮᠡᠭᠡ᠂ ᠨᠢᠭᠡ ᠬᠤᠨᠢ᠂ ᠨᠢᠭᠡ ᠢᠠᠮᠠᠭ᠎ᠠ ᠪᠠᠭᠤᠪᠠᠯ ᠦᠢᠯᠡᠰ ᠪᠦᠳᠦᠮᠵᠢᠳᠠᠢ᠃    — — ᠬᠤᠶᠠᠷ ᠲᠡᠮᠡᠭᠡ᠂ ᠬᠤᠶᠠᠷ ᠬᠤᠨᠢ ᠪᠠᠭᠤᠪᠠᠯ ᠦᠪᠡᠷ ᠤᠨ ᠲᠠᠯ᠎ᠠ ᠳᠤ ᠪᠣᠯᠪᠠᠴᠤ ᠲᠠᠭᠠᠳᠠᠢ᠃    — — ᠬᠤᠶᠠᠷ ᠲᠡᠮᠡᠭᠡ᠂ ᠬᠤᠶᠠᠷ ᠢᠮᠠᠭ᠎ᠠ ᠪᠠᠭᠤᠪᠠᠯ ᠬᠡᠷᠡᠭ ᠶᠠᠪᠣᠳᠠᠯ ᠪᠦᠳᠦᠬᠦ ᠨᠢ ᠦᠯᠤ ᠮᠡᠳᠡᠭᠳᠡᠨ᠎ᠡ᠃    — — ᠨᠢᠭᠡ ᠲᠡᠮᠡᠭᠡ᠂ ᠨᠢᠭᠡ ᠢᠮᠠᠭ᠎ᠠ᠂ ᠬᠤᠶᠠᠷ ᠬᠤᠨᠢ ᠪᠠᠭᠤᠪᠠᠯ ᠪᠣᠰᠣᠳ ᠤᠨ ᠲᠠᠯ᠎ᠠ ᠳᠤ ᠪᠠᠳᠣ᠃    — — ᠨᠢᠭᠡ ᠲᠡᠮᠡᠭᠡ᠂ ᠬᠤᠶᠠᠷ ᠬᠤᠨᠢ᠂ ᠨᠢᠭᠡ ᠢᠮᠠᠭ᠎ᠠ ᠪᠠᠭᠤᠪᠠᠯ ᠪᠦᠳᠦᠮᠵᠢ ᠪᠠᠷ ᠠᠨᠠᠢ᠂ ᠬᠦᠭᠡᠭᠡᠴᠡᠯᠳᠦᠭᠡ᠃    — — ᠨᠢᠭᠡ ᠲᠡᠮᠡᠭᠡ᠂ ᠭᠤᠷᠪᠠᠨ ᠬᠤᠨᠢ ᠪᠠᠭᠤᠪᠠᠯ ᠪᠦᠳᠦᠮᠵᠢ ᠮᠠᠭᠤ ᠲᠠᠢ᠃    — — ᠨᠢᠭᠡ ᠲᠡᠮᠡᠭᠡ᠂ ᠭᠤᠷᠪᠠᠨ ᠢᠮᠠᠭ᠎ᠠ ᠪᠠᠭᠤᠪᠠᠯ ᠪᠣᠳᠤᠯᠭ᠎ᠠ ᠮᠠᠭᠤ᠃    — — ᠭᠤᠷᠪᠠᠨ ᠬᠤᠨᠢ᠂ ᠨᠢᠭᠡ ᠢᠮᠠᠭ᠎ᠠ ᠪᠠᠭᠤᠪᠠᠯ ᠭᠠᠳᠠᠨ᠎ᠠ ᠶᠢᠨ ᠬᠦᠮᠦᠨ ᠲᠡᠶᠢᠯᠦᠨ᠎ᠡ᠃    — — ᠬᠤᠶᠠᠷ ᠬᠤᠨᠢ᠂ ᠬᠤᠶᠠᠷ ᠢᠮᠠᠭ᠎ᠠ ᠪᠠᠭᠤᠪᠠᠯ ᠠᠯᠵᠠᠭᠤᠷᠠᠬᠤ᠂ ᠰᠠᠭᠠᠳ ᠲᠠᠢ᠃    — — ᠨᠢᠭᠡ ᠬᠤᠨᠢ᠂ ᠭᠤᠷᠪᠠᠨ ᠢᠮᠠᠭ᠎ᠠ ᠪᠠᠭᠤᠪᠠᠰᠣ ᠦᠢᠯᠡᠰ ᠪᠦᠳᠦᠮᠵᠢ ᠦᠭᠡᠢ ᠭᠡᠬᠦ ᠮᠡᠳᠣ ᠪᠠᠷ ᠴᠠᠭᠠᠨ ᠰᠠᠷ᠎ᠠ ᠪᠣᠯᠬᠤ ᠳᠤ ᠠᠶᠢᠯ ᠵᠡᠷᠭᠡᠯᠳᠡᠭᠡ ᠶᠢᠨ ᠦᠶ᠎ᠡ ᠬᠤᠷᠠᠭ ᠤᠨ ᠵᠠᠯᠠᠭᠤᠰ ᠴᠣᠭᠯᠠᠷᠠᠵᠤ᠂ ᠲᠦᠷᠪᠡᠨ ᠪᠡᠷᠬᠡ ᠣᠷᠬᠢᠵᠤ᠂ ᠲᠦᠷᠪᠡᠨ ᠪᠡᠯᠭᠡ ᠪᠠᠨ ᠰᠢᠨᠵᠢᠵᠡᠭᠡᠵᠤ ᠨᠠᠭᠤᠳᠤᠨ ᠬᠦᠭᠡᠷᠦᠯᠳᠦᠳᠡᠭ᠃
ᠢᠷᠡᠯᠲᠡ᠄ ᠲᠣᠲᠣᠷᠬᠠᠢ ᠦᠭᠡᠢ