ᠡᠷᠲᠠ ᠴᠠᠭ ᠲᠤ ᠬᠤᠶᠠᠷ ᠨᠠᠶᠢᠵᠠ ᠠᠳᠤᠭᠤᠴᠢᠨ ᠪᠠᠶᠢᠵᠠᠢ᠃ ᠲᠡᠭᠡᠲᠡᠯ᠎ᠡ ᠨᠢᠭᠡ ᠨᠢ ᠴᠠᠭ ᠪᠣᠰᠣ ᠪᠠᠷ ᠦᠩᠭᠡᠷᠡᠵᠠᠢ᠃ ᠲᠡᠭᠦᠨ ᠠᠴᠠ ᠬᠤᠵᠢᠮᠬᠠᠨ ᠨᠢᠭᠡᠨ ᠡᠳᠥᠷ | ᠨᠦᠭᠦᠭᠡ ᠨᠠᠶᠢᠵᠠ ᠨᠢ ᠠᠳᠤᠭᠤᠨ ᠳᠠᠭᠠᠨ ᠶᠠᠪᠣᠵᠤ ᠪᠠᠶᠢᠳᠠᠯ᠎ᠠ ᠦᠬᠦᠭᠰᠡᠨ ᠨᠠᠶᠢᠵᠠ ᠨᠢ ᠠᠳᠤᠭᠤᠨ ᠤ ᠲᠡᠷᠭᠡᠳᠠ ᠢᠷᠡᠭᠡᠳ ᠰᠠᠭᠤᠵᠤ ᠪᠠᠶᠢᠬᠤ ᠪᠠᠷ ᠪᠠᠷᠠᠬᠤ ᠦᠭᠡᠢ | ᠦᠪᠡᠷ ᠢ ᠨᠢ ᠳᠠᠭᠤᠳᠠᠵᠤ ᠪᠠᠶᠢᠨ᠎ᠠ ᠭᠡᠨ᠎ᠡ᠃ ᠲᠡᠭᠡᠭᠡᠳ ᠣᠴᠢᠭᠰᠠᠨ ᠴᠢᠨᠢ ︽ᠨᠠᠳᠠ ᠠᠴᠠ ᠪᠣᠣ ᠠᠶᠤ᠃ ᠬᠦᠷᠦᠭᠡᠳ ᠢᠷ᠎ᠡ︾ ᠭᠡᠵᠦ ᠪᠠᠶᠢᠨ᠎ᠠ ᠭᠡᠨ᠎ᠡ᠃ ᠲᠡᠭᠡᠭᠡᠳ | ᠣᠴᠢᠭᠰᠠᠨ ᠴᠢᠨᠢ ︽ᠪᠢ ᠡᠷᠯᠢᠭ ᠨᠣᠮᠤᠨ ᠬᠠᠭᠠᠨ ᠤ ᠠᠳᠤᠭᠤᠴᠢᠨ ᠪᠣᠯᠣᠭᠰᠠᠨ᠃ ᠲᠡᠭᠡᠭᠡᠳ ᠴᠢᠮ᠎ᠠ ᠳᠤ ᠲᠤᠰᠠᠯᠠᠬᠤ ᠬᠡᠷᠡᠭ ᠭᠠᠷᠣᠭᠠᠳ ᠢᠷᠡᠯ᠎ᠡ᠃ ᠭᠤᠷᠪᠠ | ᠬᠤᠨᠤᠭ ᠤᠨ ᠳᠠᠷᠠᠭ᠎ᠠ ᠡᠷᠯᠢᠭ ᠨᠣᠮᠤᠨ ᠬᠠᠭᠠᠨ ᠴᠢᠮ᠎ᠠ ᠲᠠᠢ ᠠᠭᠤᠯᠵᠠᠬᠤ ᠪᠠᠷ ᠢᠷᠡᠨ᠎ᠡ᠃ ᠴᠢ ᠶᠡᠭᠡ ᠠᠷᠢᠬᠢ ᠮᠢᠬ᠎ᠠ ᠪᠡᠯᠡᠳᠭᠡᠵᠤ ᠲᠠᠯᠪᠢ᠃ ᠰᠢᠲᠠᠷ᠎ᠠ ᠳᠡᠯᠭᠡ᠃ | ᠬᠤᠨᠳᠠᠭ᠎ᠠ ᠲᠣᠮᠳᠠᠷᠠᠬᠤ ᠪᠠᠷ ᠠᠷᠢᠬᠢ ᠨᠡᠮᠡᠵᠦ ᠬᠢᠭᠡᠳ ᠪᠠᠶᠢᠭᠠᠷᠠᠢ᠃ ᠬᠡᠷᠪᠡ ᠴᠢ ᠡᠷᠯᠢᠭ ᠨᠣᠮᠤᠨ ᠬᠠᠭᠠᠨ ᠢ ᠰᠤᠭᠲᠤᠭᠠᠵᠦ ᠪᠠᠶᠠᠰᠬᠠᠵᠦ ᠴᠢᠳᠠᠪᠠᠯ ᠴᠢᠮ᠎ᠠ ᠳᠤ ᠣᠷᠳᠤ | ᠨᠠᠰᠤ ᠦᠭᠭᠦᠨ᠎ᠡ︾ ᠭᠡᠵᠦ ᠬᠡᠯᠡᠪᠠ᠃ ᠢᠩᠭᠢᠭᠡᠳ ᠭᠡᠯᠡᠭᠰᠡᠨ ᠢᠶᠠᠷ ᠨᠢ ᠪᠡᠯᠡᠳᠥᠭᠡᠳ ᠪᠠᠶᠢᠳᠠᠯ᠎ᠠ ᠭᠤᠷᠪᠠ ᠬᠤᠨᠤᠭ ᠤᠨ ᠳᠠᠷᠠᠭ᠎ᠠ ᠰᠢᠲᠠᠷ᠎ᠠ ᠨᠢ ᠦᠪᠡᠷ ᠢᠶᠠᠨ ᠨᠡᠭᠦᠭᠡᠳ | ᠡᠬᠢᠯᠡᠵᠠᠢ᠃ ᠬᠠᠷᠢᠭᠤ ᠨᠡᠭᠦᠵᠦ᠂ ᠢᠩᠭᠢᠭᠡᠳ ᠡᠷᠯᠢᠭ ᠨᠣᠮᠤᠨ ᠬᠠᠭᠠᠨ ᠢᠷᠡᠭᠰᠡᠨ ᠢ ᠮᠡᠳᠡᠵᠠᠢ᠃ ᠬᠤᠨᠳᠠᠭ᠎ᠠ ᠲᠣᠮᠳᠠᠷᠠᠬᠤ ᠪᠠᠷ ᠨᠢ ᠳᠦᠭᠦᠷᠭᠡᠭᠡᠳ ᠪᠠᠶᠢᠵᠠᠢ᠃ | ᠡᠷᠯᠢᠭ ᠨᠣᠮᠤᠨ ᠬᠠᠭᠠᠠ ᠥᠪᠡᠷ ᠢᠶᠠᠨ ᠬᠠᠷᠠᠭᠳᠠᠬᠤ ᠦᠭᠡᠢ᠂ ᠭᠠᠭᠴᠠ ᠬᠦ ᠰᠢᠲᠠᠷ᠎ᠠ ᠨᠡᠭᠦᠵᠦ ᠪᠠᠶᠢᠭ᠎ᠠ ᠪᠠᠷ ᠨᠢ ᠯᠠ ᠪᠠᠶᠢᠭ᠎ᠠ ᠶᠢ ᠨᠢ ᠮᠡᠳᠡᠵᠦ ᠪᠠᠶᠢᠵᠠᠢ᠃ ᠲᠡᠭᠡᠭᠰᠡᠭᠡᠷ | ᠠᠷᠢᠬᠢ ᠨᠢ ᠨᠡᠯᠢᠶᠡᠳ ᠳᠤᠮᠳᠠᠷᠠᠵᠤ ᠪᠠᠶᠢᠳᠠᠯ᠎ᠠ ᠰᠢᠲᠠᠷ᠎ᠠ ᠨᠡᠭᠦᠬᠦ ᠪᠠᠨ ᠪᠣᠯᠢᠵᠠᠢ᠃ ᠢᠩᠭᠢᠭᠡᠳ ᠡᠷᠯᠢᠭ ᠨᠣᠮᠤᠨ ᠬᠠᠭᠠᠨ ᠪᠤᠴᠠᠭᠠᠳ ᠶᠠᠪᠣᠭᠰᠠᠨ ᠢ ᠮᠡᠳᠡᠵᠡᠢ᠃ | ᠮᠠᠷᠭᠠᠰᠢ ᠨᠢ ᠠᠳᠤᠭᠤᠨ ᠳᠠᠭᠠᠨ ᠶᠠᠪᠣᠵᠤ ᠪᠠᠶᠢᠳᠠᠯ᠎ᠠ ᠨᠠᠶᠢᠵᠠ ᠨᠢ ᠮᠥᠨ ᠯᠠ ᠠᠭᠤᠯᠵᠠᠵᠠᠢ᠃ ︽ᠵᠠ᠂ ᠴᠢ ᠮᠢᠨᠢ᠂ ᠡᠷᠯᠢᠭ ᠨᠣᠮᠤᠨ ᠬᠠᠭᠠᠨ ᠢ ᠪᠠᠶᠠᠷᠯᠠᠭᠤᠯᠵᠣ | ᠰᠤᠭᠲᠤᠭᠠᠵᠦ ᠴᠢᠳᠠᠯ᠎ᠠ᠃ ᠴᠢᠮ᠎ᠠ ᠳᠤ ᠶᠡᠭᠡ ᠣᠷᠳᠤ ᠨᠠᠰᠤ ᠦᠭᠭᠦᠭᠰᠡᠨ ᠰᠢᠣ᠃ ᠬᠠᠷᠢᠨ ᠴᠢ ᠬᠦᠮᠦᠨ ᠳᠤ ᠨᠠᠰᠤ ᠪᠠᠨ ᠪᠢᠲᠡᠭᠡᠢ ᠬᠡᠯᠡᠭᠡᠷᠡᠢ᠃ ᠪᠢ ᠣᠳᠤ ᠳᠠᠬᠢᠨ | ᠴᠢᠮ᠎ᠠ ᠲᠠᠢ ᠠᠭᠤᠯᠵᠠᠵᠦ ᠴᠢᠳᠠᠬᠤ ᠦᠭᠡᠢ ᠪᠠᠶᠢᠬ᠎ᠠ︾ ᠭᠡᠵᠡᠢ᠃ ᠲᠡᠭᠡᠭᠡᠳ ᠲᠡᠷᠡ ᠬᠦᠮᠦᠨ ᠦᠨᠢᠷ ᠦᠳᠭᠡᠨ ᠰᠠᠶᠢᠨ ᠰᠠᠶᠢᠬᠠᠨ ᠠᠮᠢᠳᠤᠷᠠᠵᠤ 120 ᠨᠠᠰᠣᠯᠠᠵᠠᠢ᠃ | ᠨᠢᠭᠡᠨ ᠡᠳᠥᠷ ᠶᠠᠪᠣᠵᠤ ᠪᠠᠶᠢᠳᠠᠯ᠎ᠠ ᠡᠮᠦᠨ᠎ᠡ ᠨᠢ ᠶᠡᠷᠦ ᠦᠵᠡᠭᠳᠡᠭᠡ ᠦᠭᠡᠢ ᠮᠤᠭᠠᠢ ᠲᠠᠭᠠᠷᠠᠯᠳᠤᠵᠠᠢ᠃ ᠲᠡᠭᠦᠨ ᠢ ᠬᠠᠷᠠᠭᠠᠳ ᠨᠦᠭᠦᠭᠡ ᠬᠦᠮᠦᠨ ︽ᠪᠢ 120 | ᠨᠠᠰᠤᠯᠠᠬᠤ ᠳᠠᠭᠠᠨ ᠡᠶᠢᠮᠦ ᠮᠤᠭᠠᠢ ᠦᠵᠡᠭᠰᠡᠡ ᠥᠭᠡᠢ︾ ᠭᠡᠵᠦ ᠬᠡᠯᠡᠭᠰᠡᠨ ᠴᠢᠨᠢ ᠡᠷᠯᠢᠭ ᠨᠣᠮᠤᠨ ᠬᠠᠭᠠᠨ ᠤ ᠡᠯᠴᠢ ᠲᠡᠷᠡ ᠦᠭᠡ ᠶᠢ ᠨᠢ ᠰᠤᠨᠣᠰᠴᠤ ᠮᠡᠳᠡᠭᠡᠳ | ᠰᠦᠨᠡᠰᠤ ᠶᠢ ᠨᠢ ᠠᠪᠴᠣ ᠭᠡᠨ᠎ᠡ᠃ ᠣᠭ ᠨᠢ ᠡᠷᠯᠢᠭ ᠤᠨ ᠳᠠᠩᠰᠠᠨ ᠠᠴᠠ ᠬᠠᠰᠣᠭᠳᠠᠴᠢᠬᠠᠭᠰᠠᠨ ᠪᠠᠶᠢᠵᠤ ᠯᠠ ᠳ᠋ᠧ᠃ ᠡᠷᠯᠢᠭ ᠤᠨ ᠳᠠᠩᠰᠠᠨ ᠠᠴᠠ ᠬᠠᠰᠤᠭᠳᠠᠬᠤ | ᠭᠡᠵᠦ ᠶᠠᠭᠤ ᠭᠡᠰᠡᠨ ᠦᠭᠡ ᠪᠤᠢ ᠭᠡᠪᠡᠯ ᠡᠷᠯᠢᠭ ᠨᠣᠮᠤᠨ ᠬᠠᠭᠠᠨ ᠤ ᠭᠠᠵᠠᠷ᠂ ᠡᠨᠡ ᠶᠢᠷᠳᠢᠠᠴᠤ ᠳᠤ ᠲᠦᠷᠦᠭᠰᠡᠨ ᠬᠦᠮᠦᠨ ᠪᠦᠷᠢ ᠶᠢ ᠲᠦᠷᠦᠬᠦ ᠦᠬᠦᠬᠦ ᠴᠠᠭ ᠲᠠᠢ ᠨᠢ | ᠣᠷᠢᠳᠴᠢᠯᠠᠨ ᠪᠢᠴᠢᠭᠰᠡᠨ ᠲᠡᠮᠳᠡᠭᠯᠡᠯ ᠪᠠᠶᠢᠳᠠᠭ᠃ ᠲᠡᠷᠡ ᠲᠡᠮᠳᠡᠭᠯᠡᠯ ᠪᠢᠴᠢᠭ ᠢ ᠬᠠᠷᠠᠵᠤ ᠪᠠᠶᠢᠭᠠᠳ ᠦᠬᠦᠬᠦ ᠴᠠᠭ ᠨᠢ ᠪᠣᠯᠣᠭᠰᠠᠨ ᠬᠦᠮᠦᠨ ᠤ ᠰᠦᠨᠡᠰᠤ ᠶᠢ | ᠠᠪᠬᠤ ᠪᠠᠷ ᠡᠷᠯᠢᠭ ᠤᠨ ᠡᠯᠴᠢ ᠨᠠᠷ ᠢᠷᠡᠳᠡᠭ᠃ ᠬᠡᠷᠪᠡ ᠬᠡᠨ ᠨᠢᠭᠡᠨ ᠬᠦᠮᠦᠨ ᠤ ᠲᠤᠬᠠᠢ ᠲᠡᠮᠳᠡᠭᠯᠡᠯ ᠨᠢ ᠨᠢᠭᠡᠨᠳᠡ ᠰᠦᠨᠡᠰᠤ ᠶᠢ ᠨᠢ ᠠᠪᠤᠭᠰᠠᠨ ᠪᠣᠶᠣ ᠦᠬᠦᠭᠰᠡᠨ | ᠬᠦᠮᠦᠰ ᠤᠨ ᠨᠡᠷ᠎ᠡ ᠶᠢ ᠲᠡᠮᠳᠡᠭᠯᠡᠭᠰᠡᠨ ᠲᠠᠩᠰᠠᠨ ᠳᠤ ᠬᠠᠮᠣᠭᠳᠠᠭᠠᠳ ᠦᠳᠡᠭᠳᠡᠭᠰᠡᠨ ᠪᠤᠯ ᠣᠷᠳᠤ ᠨᠠᠰᠤᠯᠠᠳᠠᠭ ᠭᠡᠵᠦ ᠲᠣᠮᠣᠭᠯᠠᠨ ᠶᠠᠷᠢᠯᠴᠠᠳᠠᠭ᠃ ᠲᠡᠭᠡᠷᠡᠬᠢ | ᠬᠦᠮᠦᠨ ᠤ ᠳᠠᠩᠰᠠ ᠨᠢ ᠠᠯᠠᠭ᠎ᠠ ᠪᠤᠯᠴᠢᠬᠠᠭᠠᠳ ᠲᠤᠭᠤᠬᠤ ᠦᠭᠡᠢ ᠪᠠᠶᠢᠬᠤ ᠳᠤ ᠨᠢ ᠨᠠᠰᠤ ᠪᠠᠨ ᠬᠡᠯᠡᠭᠰᠡᠨ ᠠᠴᠠ ᠪᠤᠯᠵᠤ ᠡᠷᠯᠢᠭ ᠲᠤ ᠪᠠᠷᠢᠭᠳᠠᠭᠰᠠᠨ ᠬᠡᠷᠡᠭ ᠠᠵᠠᠢ᠃ | ᠲᠡᠶᠢᠮᠦ ᠠᠴᠠ ᠮᠣᠩᠭᠤᠯᠴᠣᠳ ᠨᠠᠰᠤ ᠪᠠᠨ ᠬᠠᠮᠢᠶ᠎ᠠ ᠦᠭᠡᠢ ᠬᠡᠯᠡᠳᠡᠭ ᠦᠭᠡᠢ᠂ ᠬᠡᠯᠡᠭᠰᠡᠨ ᠴᠦ ᠲᠠᠷᠤᠵᠤ ᠪᠤᠶᠤ ᠨᠡᠮᠡᠵᠦ ᠬᠡᠯᠡᠳᠡᠭ᠂ ᠡᠰᠡᠪᠡᠯ ᠲᠦᠢᠮᠤᠯᠠᠵᠤ ᠬᠡᠯᠡᠳᠡᠭ | ᠵᠠᠩᠰᠢᠯ ᠲᠠᠢ ᠪᠣᠯᠣᠭᠰᠠᠨ ᠭᠡᠨ᠎ᠡ᠃ | |