ᠭᠤᠳᠤᠯ ᠱᠠᠬᠠᠢ ᠶᠢᠨ ᠲᠤᠬᠠᠢ ᠴᠡᠭᠡᠷ
ᠨᠡᠶᠢᠲᠡᠯᠡᠭᠰᠡᠨ ᠴᠠᠭ᠄
2024/12/31
    ᠭᠤᠳᠤᠯ ᠢ ᠬᠦᠨᠳᠡᠯᠡᠨ ᠪᠠᠷᠢᠵᠤ ᠬᠦᠮᠤᠨ ᠳᠤ ᠦᠭᠬᠦ ᠶᠢ ᠴᠡᠭᠡᠷᠯᠡᠳᠡᠭ᠃    ᠭᠤᠳᠤᠯ ᠦᠢᠮᠤᠰᠤ ᠶᠢ ᠪᠠᠰᠨ ᠪᠤᠵᠠᠷ ᠭᠡᠵᠤ ᠭᠠᠯ ᠲᠤᠯᠭ᠎ᠠ ᠳᠤ ᠦᠢᠷᠠᠳᠤᠭᠤᠯᠬᠤ ᠶᠢ ᠴᠡᠭᠡᠷᠯᠡᠳᠡᠭ᠃    ᠭᠤᠳᠤᠯ ᠤᠨ ᠠᠮᠠᠰᠡᠷ ᠢ ᠭᠠᠯ ᠤᠷᠤᠭᠤ ᠬᠠᠷᠠᠭᠤᠯᠬᠤ ᠶᠢ ᠴᠡᠭᠡᠷᠯᠡᠨ᠎ᠡ᠃    ᠭᠤᠳᠤᠯ ᠤᠨ ᠤᠯᠨ ᠪᠠᠨ ᠴᠢᠷᠴᠤ ᠶᠠᠪᠤᠬᠤ ᠶᠢ ᠴᠡᠭᠡᠷᠯᠡᠳᠡᠭ᠃ ᠡᠰᠡᠪᠡᠯ ᠡᠪᠡᠳᠴᠢᠨ ᠳᠤ ᠪᠠᠷᠢᠬᠳᠠᠬᠤ᠂ ᠨᠠᠰᠤᠨ ᠳᠤ ᠲᠠᠷᠤᠬᠳᠠᠬᠤ ᠭᠡᠬᠦ ᠪᠤᠶᠤ ᠬᠡᠶᠢᠮᠤᠷᠢ ᠨᠢ ᠬᠡᠪᠳᠡᠨ᠎ᠡ ᠭᠡᠵᠤ ᠦᠵᠡᠳᠡᠭ᠃    ᠭᠤᠳᠤᠯ ᠤᠨ ᠤᠯᠨ ᠶᠢ ᠤᠷᠤᠬᠰᠢ ᠬᠠᠷᠠᠭᠤᠯᠬᠤ ᠪᠤᠶᠤ ᠬᠠᠪᠰᠤᠷᠭᠠᠵᠤ ᠲᠠᠯᠪᠢᠬᠤ ᠶᠢ ᠴᠡᠭᠡᠷᠯᠡᠳᠡᠭ᠃ ᠴᠡᠭᠡᠷᠯᠡᠬᠦ ᠦᠭᠡᠢ ᠪᠤᠯ ᠴᠢᠳᠭᠦᠷ ᠪᠠᠶᠠᠷᠯᠡᠨ᠎ᠡ ᠭᠡᠳᠡᠭ᠃    ᠭᠤᠳᠤᠯ ᠤᠨ ᠤᠯᠨ ᠶᠢ ᠪᠤᠷᠬᠠᠨ ᠰᠢᠳᠦᠭᠡᠨ ᠤ ᠦᠭᠡᠳᠡ ᠬᠠᠨᠳᠤᠭᠤᠯᠬᠤ ᠶᠢ ᠴᠡᠭᠡᠷᠯᠡᠳᠡᠭ᠃    ᠭᠤᠳᠤᠯ ᠤᠨ ᠲᠦᠷᠡᠢ ᠡᠷᠬᠢᠭᠦᠯᠬᠦ ᠶᠢ ᠴᠡᠭᠡᠷᠯᠡᠨ᠎ᠡ᠃ ᠶᠠᠯ᠎ᠠ ᠳᠤ ᠤᠨᠠᠭᠠᠳ ᠬᠤᠨᠭ᠍ᠬᠤᠷ ᠲᠤ ᠤᠷᠤᠬᠰᠡᠨ ᠬᠦᠮᠤᠨ ᠤ ᠭᠤᠳᠤᠯ ᠤᠨ ᠲᠦᠷᠡᠢ ᠶᠢ ᠰᠠᠶ᠋ᠢ ᠡᠷᠬᠢᠭᠦᠯᠳᠡᠭ ᠶᠤᠰᠤ ᠪᠤᠢ᠃    ᠭᠤᠳᠤᠯ ᠪᠡᠯᠭᠡᠯᠡᠬᠦ ᠳᠡᠭᠡᠨ ᠬᠠᠮᠠᠷ ᠢ ᠨᠢ ᠪᠡᠯᠭᠡᠯᠡᠬᠦ ᠬᠦᠮᠤᠨ ᠦᠭᠡᠳᠡ ᠬᠠᠷᠠᠭᠤᠯᠵᠤ ᠦᠭᠬᠦ ᠶᠢ ᠴᠡᠭᠡᠷᠯᠡᠳᠡᠭ᠃ ᠡᠰᠡᠪᠡᠯ ᠭᠡᠳᠡᠷᠬᠦ ᠪᠠᠨ ᠪᠤᠴᠨ ᠭᠡᠰᠡᠨ ᠰᠠᠨᠠᠭ᠎ᠠ ᠲᠠᠢ ᠭᠡᠳᠡᠭ᠃    ᠭᠤᠳᠤᠯ ᠱᠠᠬᠠᠢ ᠶᠢ ᠤᠯᠨ ᠪᠠᠷ ᠨᠢ ᠲᠡᠭᠦᠵᠢᠯᠡᠨ ᠡᠯᠭᠦᠬᠦ ᠶᠢ ᠴᠡᠭᠡᠷᠯᠡᠨ᠎ᠡ᠃    ᠭᠤᠳᠤᠯ ᠱᠠᠬᠠᠢ ᠪᠠᠨ ᠬᠦᠮᠤᠷᠢᠵᠤ ᠲᠠᠯᠪᠢᠬᠤ ᠶᠢ ᠴᠡᠭᠡᠷᠯᠡᠨ᠎ᠡ᠃ ᠦᠭᠦᠭᠰᠡᠨ ᠬᠦᠮᠤᠨ ᠤ ᠱᠠᠬᠠᠢ ᠶᠢ ᠰᠠᠶ᠋ᠢ ᠬᠦᠮᠤᠷᠢᠵᠤ ᠲᠠᠯᠪᠢᠨ᠎ᠠ᠃ ᠭᠤᠳᠤᠯ ᠱᠠᠬᠠᠢ ᠪᠠᠨ ᠭᠡᠷ ᠲᠤ ᠤᠷᠤᠮᠠᠬᠴᠨ ᠲᠠᠶᠢᠯᠬᠤ ᠶᠢ ᠴᠡᠭᠡᠷᠯᠡᠳᠡᠭ᠃ ᠡᠰᠡᠪᠡᠯ ᠭᠡᠷ ᠤᠨ ᠪᠤᠷᠬᠠᠨ ᠬᠢᠯᠢᠩᠨᠡᠨ᠎ᠡ ᠭᠡᠳᠡᠭ᠃ ᠭᠤᠳᠤᠯ ᠱᠠᠬᠠᠢ ᠶᠢᠨ ᠤᠯᠨ ᠶᠢ ᠲᠡᠭᠡᠭᠰᠢ ᠬᠠᠨᠳᠤᠭᠤᠯᠬᠤ ᠶᠢ ᠴᠡᠭᠡᠷᠯᠡᠳᠡᠭ᠃ ᠡᠨᠡ ᠨᠢ ᠶᠡᠭᠡᠴᠤᠳ ᠲᠤ ᠬᠠᠷᠰᠢ ᠪᠤᠯᠬᠤ ᠭᠡᠬᠦ ᠪᠤᠶᠤ ᠶᠠᠪᠤᠳᠠᠯ ᠤᠴᠢᠷ ᠨᠢ ᠠᠷᠪᠢᠳᠤᠭᠠᠳ ᠲᠠᠪᠠᠭ ᠨᠢ ᠡᠷᠬᠢᠳᠡᠯ᠎ᠡ ᠬᠦᠶᠦᠨ᠎ᠡ ᠭᠡᠳᠡᠭ᠃
ᠢᠷᠡᠯᠲᠡ᠄ ᠲᠣᠲᠣᠷᠬᠠᠢ ᠦᠭᠡᠢ