ᠮᠣᠩᠭᠤᠯᠴᠣᠳ ᠮᠠᠯ ᠤᠨ ᠢᠶᠠᠨ ᠰᠥ ᠶᠢ ᠲᠠᠨᠢᠵᠦ ᠮᠡᠳᠡᠭᠰᠡᠨ ᠲᠡᠷᠡ ᠬᠡᠮᠵᠢᠶ᠎ᠡ ᠪᠠᠷ ᠲᠡᠬᠦᠨ ᠢ ᠮᠠᠯ ᠠᠴᠠ ᠠᠪᠬᠤ᠂ ᠠᠰᠢᠭᠯᠠᠬᠤ᠂ ᠣᠯᠠᠮ ᠢᠶᠠᠷ ᠡᠳ᠋ᠰᠢᠬᠦᠯᠦᠨ | ᠪᠤᠯᠪᠠᠰᠣᠷᠠᠭᠤᠯᠣᠨ ᠴᠠᠭᠠᠨ ᠢᠳᠡᠭᠡ ᠪᠡᠯᠡᠳᠬᠡᠵᠦ ᠬᠡᠷᠡᠭᠯᠡᠬᠦ ᠲᠠᠯ᠎ᠡ ᠪᠠᠷ ᠪᠦᠬᠦᠯᠢ ᠪᠦᠳᠦᠨ ᠠᠷᠭ᠎ᠠ ᠠᠵᠢᠯᠯᠠᠭ᠎ᠠ᠂ ᠶᠣᠰᠣ ᠭᠤᠷᠢᠮ ᠢ ᠦᠶ᠎ᠡ ᠣᠯᠠᠷᠢᠭᠤᠯᠣᠨ | ᠬᠦᠭᠵᠢᠬᠦᠯᠵᠦ ᠢᠷᠡᠵᠡᠢ᠃ ᠮᠣᠩᠭᠤᠯᠴᠣᠳ ᠮᠠᠯ ᠰᠠᠭᠠᠵᠦ ᠰᠥ ᠪᠠᠷ ᠨᠢ ᠴᠠᠭᠠᠨ ᠢᠳᠡᠭᠡ ᠪᠡᠯᠡᠳᠭᠡᠵᠦ ᠬᠡᠷᠡᠭᠯᠡᠳᠡᠭ ᠠᠷᠭ᠎ᠠ ᠠᠵᠢᠯᠯᠠᠭ᠎ᠠ᠂ ᠶᠣᠰᠣ ᠭᠤᠷᠢᠮ ᠲᠠᠢ | ᠪᠠᠶᠢᠭᠰᠠᠨ ᠲᠣᠬᠠᠢ 13 ᠳ᠋ᠣᠭᠠᠷ ᠵᠠᠭᠤᠨ ᠤ ᠦᠶ᠎ᠡ ᠶᠢᠨ ᠠᠯᠳᠠᠷᠳᠣ ᠪᠦᠳᠦᠬᠡᠯ᠂ ︽ᠮᠣᠩᠭᠤᠯ ᠤᠨ ᠨᠢᠭᠤᠴᠠ ᠲᠣᠪᠴᠢᠶᠠᠨ︾ ᠳᠤ ᠲᠣᠳᠣᠷᠬᠠᠢ ᠪᠢᠴᠢᠵᠦ | ᠲᠡᠮᠳᠡᠭᠯᠡᠭᠰᠡᠨ ᠪᠠᠶᠢᠳᠠᠭ᠃ ᠲᠣᠬᠠᠶᠢᠯᠠᠪᠠᠯ᠂ ᠬᠡᠬᠦᠤ ᠪᠠᠷᠢᠵᠦ᠂ ᠢᠮᠠᠭ᠎ᠠ ᠰᠠᠭᠠᠵᠦ ᠲᠡᠬᠦᠪᠡᠷ ᠠᠶᠢᠷᠠᠭ ᠴᠡᠭᠡ᠂ ᠡᠰᠦᠭ᠂ ᠲᠠᠷᠠᠭ᠂ ᠠᠶᠢᠷᠠᠭ ᠬᠦᠬᠦᠤᠷ᠂ ᠪᠦᠯᠢᠬᠦᠷ | ᠬᠡᠷᠡᠭᠯᠡᠵᠦ ᠪᠦᠯᠢᠬᠦ᠂ ᠨᠡᠷᠡᠬᠦ ᠠᠷᠭ᠎ᠠ ᠠᠵᠢᠯᠯᠠᠭ᠎ᠠ ᠪᠠᠷ ᠪᠡᠯᠡᠳᠭᠡᠳᠡᠭ᠃ ᠨᠠᠮᠪᠤᠭᠠ ᠰᠠᠭᠤᠯᠭᠠᠨ ᠲᠤ ᠬᠡᠬᠦᠤ ᠰᠠᠭᠠᠬᠤ᠂ ᠪᠡᠯᠡᠳᠬᠡᠭᠰᠡᠨ ᠴᠡᠭᠡ᠂ ᠲᠠᠷᠠᠭ ᠢ ᠭᠠᠨᠵᠣᠭᠠᠨ ᠤ | ᠲᠣᠯᠣᠮ ᠳᠤ ᠬᠢᠵᠦ ᠭᠠᠨᠵᠣᠭᠠᠯᠠᠵᠦ ᠶᠠᠪᠤᠳᠠᠭ ᠲᠣᠬᠠᠢ ᠨᠡᠯᠢᠶᠡᠳ ᠲᠣᠳᠣᠷᠬᠠᠢ ᠪᠢᠴᠢᠵᠦ ᠪᠠᠶᠢᠳᠠᠭ᠃ | ᠢᠲ᠋ᠠᠯᠢ ᠶᠢᠨ ᠠᠯᠳᠠᠷᠳᠣ ᠵᠢᠭᠤᠯᠴᠢᠨ ᠮᠡᠷᠺᠦ ᠫᠤᠯᠤ ᠨᠣᠮ ᠪᠢᠴᠢᠵᠦ᠂ ᠲᠠᠲ᠋ᠠᠷᠴᠣᠳ ᠬᠡᠬᠦᠨ ᠤ ᠰᠥ᠂ ᠠᠶᠢᠷᠠᠭ ᠣᠣᠭᠤᠳᠠᠭ᠂ ᠲᠡᠳᠡᠬᠡᠷ ᠢ ᠠᠷᠠᠰᠣᠨ ᠲᠣᠯᠣᠮ ᠳᠤ | ᠬᠢᠵᠦ ᠠᠶᠠᠨ ᠲᠠᠶᠢᠨ ᠳᠤ ᠠᠪᠴᠤ ᠶᠠᠪᠤᠳᠠᠭ᠂ ᠦᠳᠬᠡᠷᠡᠬᠦᠯᠦᠨ ᠵᠢᠭᠤᠷᠮᠠᠭ ᠮᠡᠳᠦ ᠪᠤᠯᠭᠠᠵᠦ ᠬᠠᠳᠠᠭᠠᠭᠰᠠᠨ ᠬᠠᠭᠤᠷᠠᠢ ᠰᠥ ᠠᠪᠴᠤ ᠶᠠᠪᠤᠳᠠᠭ ᠪᠦᠬᠡᠳ | ᠲᠡᠬᠦᠨ ᠢ ᠪᠠᠨ ᠣᠰᠣᠨ ᠳᠤ ᠬᠢᠵᠦ ᠬᠤᠳᠬᠤᠭᠠᠳ ᠵᠠᠳᠠᠷᠠᠨ ᠠᠭᠤᠰᠬᠤ ᠪᠠᠷ ᠨᠢ ᠣᠣᠭᠤᠳᠠᠭ ᠬᠡᠬᠦ ᠮᠡᠳᠦ ᠪᠠᠷ ᠲᠠᠮᠳᠡᠭᠯᠡᠭᠰᠡᠨ ᠪᠠᠶᠢᠳᠠᠭ᠃ ᠡᠳᠡᠬᠡᠷ ᠲᠡᠤᠬᠡ | ᠪᠠᠷᠢᠮᠳᠠ ᠤᠳ ᠠᠴᠠ ᠮᠣᠩᠭᠤᠯᠴᠠᠳ 12 ᠳ᠋ᠣᠭᠠᠷ ᠵᠠᠭᠤᠨ ᠤ ᠦᠶ᠎ᠡ ᠳᠤ ᠮᠠᠯ ᠤᠨ ᠢᠶᠠᠨ ᠰᠥ ᠪᠠᠷ ᠴᠠᠭᠠᠨ ᠢᠳᠡᠭᠡ ᠪᠡᠯᠡᠳᠬᠡᠨ ᠬᠡᠷᠡᠭᠯᠡᠬᠦ ᠣᠯᠠᠮᠵᠢᠯᠠᠯᠳᠣ ᠠᠷᠭ᠎ᠠ | ᠠᠵᠢᠯᠯᠠᠭᠠᠨ ᠤ ᠲᠣᠳᠣᠷᠬᠠᠢ ᠲᠦᠪᠰᠢᠨ ᠳᠤ ᠬᠦᠷᠴᠢᠭᠰᠡᠨ ᠪᠠᠶᠢᠵᠠᠢ ᠬᠡᠵᠦ ᠳ᠋ᠦᠡᠭᠨᠡᠵᠦ ᠪᠤᠯᠬᠤ ᠶᠣᠮ ᠬᠡᠵᠦ ᠵᠠᠷᠢᠮ ᠬᠦᠮᠦᠨ ᠪᠠᠰᠠ ᠬᠡᠯᠡᠵᠦ ᠪᠤᠢ᠃ | ᠮᠣᠩᠭᠤᠯᠴᠣᠳ ᠰᠥ ᠴᠠᠭᠠᠨ ᠢᠳᠡᠭᠡ ᠶᠢ ᠵᠦᠪᠬᠡᠨ ᠢᠳᠡᠭᠡ᠂ ᠣᠮᠳᠠᠭᠠᠨ ᠤ ᠠᠭᠤᠯᠭ᠎ᠠ ᠪᠠᠷ ᠪᠡᠯᠡᠳᠬᠡᠵᠦ ᠬᠡᠷᠡᠭᠯᠡᠭᠡᠳ ᠵᠣᠭᠰᠣᠬᠤ ᠦᠬᠡᠢ ᠬᠦᠮᠦᠨ ᠤ ᠪᠡᠶ᠎ᠡ ᠶᠢᠨ | ᠡᠷᠡᠬᠦᠯ ᠮᠡᠨᠳᠦ ᠶᠢ ᠬᠠᠮᠠᠭᠠᠯᠠᠬᠤ᠂ ᠡᠪᠡᠳᠴᠢᠨ ᠡᠮᠬᠡᠭ ᠢ ᠢᠯᠡᠷᠢᠰᠢᠬᠦᠯᠬᠦ᠂ ᠨᠢᠯᠬ᠎ᠠ ᠪᠠᠯᠴᠢᠷ ᠬᠡᠣᠬᠡᠳ᠂ ᠦᠳᠡᠬᠦᠰ ᠡᠪᠦᠬᠡᠳ ᠢ ᠬᠤᠭᠤᠯᠠᠯᠠᠬᠤ᠂ ᠰᠣᠪᠢᠯᠠᠬᠤ᠂ | ᠪᠡᠶ᠎ᠡ ᠶᠢᠨ ᠴᠢᠯᠡᠭᠡ ᠶᠢ ᠰᠠᠶᠢᠵᠢᠷᠠᠭᠤᠯᠬᠤ᠂ ᠬᠤᠣᠷᠳᠠᠯᠭ᠎ᠠ ᠶᠢ ᠲᠠᠶᠢᠯᠬᠤ ᠵᠡᠷᠬᠡ ᠣᠯᠠᠨ ᠠᠭᠤᠯᠭ᠎ᠠ ᠵᠣᠷᠢᠭᠤᠯᠣᠯᠳᠠ ᠪᠠᠷ ᠦᠷᠬᠡᠨ ᠬᠡᠷᠡᠭᠯᠡᠭᠰᠡᠭᠡᠷ ᠢᠷᠡᠵᠡᠢ᠃ ᠮᠣᠩᠭᠤᠯ | ᠣᠷᠣᠨ ᠤ ᠲᠣᠯᠠᠭᠠᠨ ᠤ ᠣᠯᠠᠷᠢᠯ ᠳᠤ ᠬᠡᠣᠬᠡᠳ᠂ ᠬᠦᠭᠰᠢᠳ᠂ ᠢᠳᠡᠷ ᠨᠠᠰᠣᠨ ᠤ ᠬᠦᠮᠦᠰ ᠰᠥ᠂ ᠰᠥ ᠪᠠᠷ ᠲᠦᠷᠦᠯ ᠪᠦᠷᠢ ᠶᠢᠨ ᠴᠠᠭᠠᠨ ᠢᠳᠡᠭᠡ ᠪᠡᠯᠡᠳᠬᠡᠵᠦ | ᠲᠡᠩᠨᠡᠨ ᠬᠡᠷᠡᠭᠯᠡᠪᠡᠯ ᠡᠷᠡᠬᠦᠯ ᠡᠩᠬᠡ ᠲᠤ ᠮᠠᠰᠢᠳᠠ ᠰᠠᠶᠢᠨ᠃ ᠬᠠᠭᠤᠴᠢᠴᠣᠣᠯ᠂ ᠠᠬᠠᠮᠠᠳᠴᠣᠣᠯ ᠡᠬᠦᠨ ᠢ ᠲᠡᠶᠢᠯᠪᠦᠷᠢᠯᠡᠬᠤ ᠳᠠᠭᠠᠨ᠂ ᠴᠠᠭᠠᠨ ᠢᠳᠡᠭᠡ ᠪᠤᠯ ᠬᠡᠳᠡᠰᠦ | ᠲᠣᠳᠣᠷ ᠢ ᠴᠠᠶᠢᠯᠭᠠᠵᠦ᠂ ᠴᠢᠬᠢᠭ ᠪᠠᠮ ᠢ ᠬᠦᠬᠡᠬᠡᠵᠦ᠂ ᠦᠡᠭᠬᠦᠷ ᠰᠠᠭᠤᠯᠭᠠᠳᠠᠭ᠂ ᠬᠦᠮᠦᠨ ᠤ ᠪᠡᠶ᠎ᠡ ᠳᠤ ᠬᠤᠷᠠᠮᠳᠣᠭᠰᠠᠨ ᠬᠤᠣᠷ ᠢ ᠠᠷᠢᠯᠭᠠᠳᠠᠭ ᠬᠡᠵᠦ ᠬᠡᠯᠡᠵᠦ ᠪᠤᠢ | ᠃ ᠡᠷᠲᠡᠨ ᠤ ᠨᠣᠮ ᠳᠤ ᠲᠠᠷᠠᠭ ᠤᠨ ᠲᠤᠬᠠᠢ ︽ᠠᠮᠲᠠ ᠢᠰᠬᠦᠯᠡᠩᠬᠡᠨ᠂ ᠢᠳᠡᠬᠦ ᠳᠤ ᠶᠡᠭᠡ ᠯᠡ ᠰᠣᠨᠢᠨ ᠲᠠᠭᠠᠳᠠᠢ᠂ ᠵᠣᠬᠢᠮᠵᠢ ᠶᠢᠨ ᠲᠠᠯ᠎ᠡ ᠪᠠᠷ ᠮᠠᠰᠢ ᠰᠠᠶᠢᠨ᠂ | ᠢᠯᠠᠩᠭᠤᠶ᠎ᠡ ᠮᠢᠬᠠᠨ ᠢᠳᠡᠬᠡᠨ ᠤ ᠬᠤᠣᠷ ᠢ ᠲᠠᠶᠢᠯᠵᠦ ᠴᠢᠬᠢᠭ ᠪᠠᠮ ᠤᠨ ᠡᠮᠬᠡᠭ ᠲᠤ ᠮᠠᠰᠢ ᠲᠣᠰᠠᠳᠠᠢ ᠬᠡᠳᠡᠭ︾ ᠬᠡᠵᠦ ᠦᠬᠦᠯᠡᠭᠰᠡᠨ ᠪᠠᠶᠢᠳᠠᠭ᠃ ᠡᠪᠦᠯᠵᠢᠨ | ᠬᠠᠪᠤᠷᠵᠢᠨ ᠮᠢᠬᠠᠨ ᠬᠤᠭᠤᠯᠠ ᠬᠡᠷᠡᠭᠯᠡᠳᠡᠭ ᠮᠣᠩᠭᠤᠯᠴᠣᠳ ᠵᠣᠨ ᠤ ᠴᠠᠭ ᠲᠤ ᠴᠠᠭᠠᠨ ᠢᠳᠡᠭᠡ ᠬᠡᠷᠡᠭᠯᠡᠵᠦ ᠢᠷᠡᠭᠰᠡᠨ ᠵᠠᠩᠰᠢᠯ ᠨᠢ ᠦᠨᠡᠬᠡᠷ ᠣᠷᠬᠢᠵᠦ ᠪᠤᠯᠣᠮᠡ | ᠦᠬᠡᠢ ᠣᠯᠠᠮᠵᠢᠯᠠᠯ ᠮᠦᠨ᠃ ᠲᠣᠯᠠᠭᠠᠨ ᠤ ᠣᠯᠠᠷᠢᠯ ᠳᠤ ᠡᠰᠦᠭ ᠴᠢᠨᠠᠷᠳᠠᠢ ᠰᠥ᠂ ᠲᠠᠷᠠᠭ᠂ ᠠᠶᠢᠷᠠᠭ ᠵᠡᠷᠬᠡ ᠴᠠᠭᠠᠨ ᠢᠳᠡᠭᠡ ᠮᠠᠯᠴᠢᠳ ᠤᠨ ᠣᠯᠠᠮᠵᠢᠯᠠᠯ ᠰᠢᠨᠵᠢᠯᠡᠬᠦ | ᠣᠬᠠᠭᠠᠨ ᠤ ᠦᠨᠳᠦᠰᠦ ᠲᠠᠢ ᠶᠣᠮ᠃ ᠮᠠᠨ ᠤ ᠮᠠᠯᠴᠢᠳ ᠤᠨ ᠰᠥ ᠰᠠᠭᠠᠯᠢ᠂ ᠠᠶᠢᠷᠠᠭ ᠵᠡᠷᠬᠡ ᠴᠠᠭᠠᠨ ᠢᠳᠡᠭᠡ ᠪᠡᠯᠡᠳᠬᠡᠬᠦ ᠠᠷᠭ᠎ᠠ ᠪᠤᠯ ᠲᠠᠳᠠᠨ ᠤ ᠠᠬᠤᠢ | ᠶᠣᠰᠣᠨ ᠤ ᠮᠢᠩᠭ᠎ᠠ ᠮᠢᠩᠭᠠᠨ ᠵᠢᠯ ᠤᠨ ᠨᠠᠨᠳᠢᠨ ᠦᠪ ᠣᠯᠠᠮᠵᠢᠯᠠᠯ ᠮᠦᠨ᠃ ᠡᠷᠳᠡ ᠡᠳᠦᠬᠡ ᠶᠢᠨ ᠨᠣᠮ ᠵᠣᠬᠢᠶᠠᠯ ᠳᠤ ᠮᠠᠯ ᠤᠨ ᠰᠥ ᠰᠠᠭᠠᠯᠢ ᠠᠪᠬᠤ᠂ ᠬᠡᠷᠡᠭᠯᠡᠬᠦ | ᠣᠯᠠᠮᠵᠢᠯᠠᠯ ᠮᠠᠯ ᠰᠦᠷᠦᠭ ᠢ ᠮᠠᠯᠵᠢᠬᠤ ᠣᠯᠠᠮᠵᠢᠯᠠᠯᠳᠣ ᠠᠷᠭ᠎ᠠ ᠠᠵᠢᠯᠯᠠᠭ᠎ᠠ ᠲᠠᠢ ᠶᠠᠮᠠᠷ ᠰᠢᠳᠦᠯᠴᠡᠭᠡ ᠬᠤᠯᠪᠤᠭᠠᠳᠠᠢ ᠪᠤᠯᠬᠤ ᠶᠢ ᠲᠡᠮᠳᠡᠭᠯᠡᠭᠰᠡᠨ ᠵᠦᠢᠯ ᠨᠡᠩ ᠬᠤᠪᠤᠷ | ᠪᠠᠶᠢᠵᠠᠢ᠃ | ᠮᠠᠯ ᠤᠨ ᠰᠥ ᠰᠢᠮ᠎ᠡ ᠶᠢ ᠪᠤᠯᠪᠠᠰᠣᠷᠠᠭᠤᠯᠳᠠᠭ ᠣᠯᠠᠮᠵᠢᠯᠠᠯᠳᠣ ᠠᠷᠭ᠎ᠠ ᠶᠢᠨ ᠲᠠᠯ᠎ᠡ ᠪᠠᠷ᠂ ᠦᠬᠡᠷ᠂ ᠬᠤᠨᠢ᠂ ᠢᠮᠠᠭ᠎ᠠ ᠶᠢ ᠰᠠᠭᠠᠭᠰᠠᠨ ᠰᠥ ᠶᠢ ᠰᠢᠬᠦᠵᠦ | ᠬᠦᠬᠡᠷᠡᠬᠦᠯᠦᠨ ᠦᠷᠦᠮ᠎ᠡ ᠵᠠᠭᠰᠠᠭᠠᠵᠦ ᠦᠷᠦᠮ᠎ᠡ᠂ ᠴᠦᠴᠦᠬᠡᠢ ᠶᠢ ᠠᠪᠴᠤ ᠲᠣᠰᠬᠠᠢ ᠴᠡᠪᠡᠷ ᠰᠠᠪᠠᠨ ᠳᠤ ᠬᠤᠷᠢᠶᠠᠳᠠᠭ᠃ ᠲᠡᠬᠦᠨ ᠢ ᠢᠰᠦᠮᠡᠭᠴᠡ ᠪᠤᠴᠠᠯᠭᠠᠵᠣ | ᠰᠢᠷ᠎ᠡ ᠲᠣᠰᠣ ᠶᠢ ᠨᠢ ᠢᠯᠭᠠᠵᠦ ᠠᠪᠤᠭᠠᠳ ᠪᠤᠴᠠᠯᠭᠠᠭᠰᠠᠨ ᠦᠷᠦᠮ᠎ᠡ ᠲᠡᠭᠡᠨ ᠡᠬᠡᠵᠡᠬᠡᠢ ᠬᠤᠯᠢᠵᠦ ᠬᠦᠵᠡᠭᠡ ᠰᠠᠪᠠᠨ ᠳ᠋ᠣᠠᠭᠤᠳᠠᠯᠣᠨ ᠬᠠᠳᠠᠭᠠᠯᠠᠳᠠᠭ᠃ ᠦᠷᠦᠮ᠎ᠡ᠂ | ᠵᠦᠬᠡᠬᠡᠢ ᠶᠢ ᠨᠢ ᠢᠯᠭᠠᠵᠦ ᠠᠪᠤᠭᠰᠠᠨ ᠰᠥ ᠪᠠᠷ ᠲᠠᠷᠠᠭ ᠪᠦᠷᠢᠬᠡᠳ ᠬᠡᠷᠡᠭᠯᠡᠬᠦ ᠠᠴᠠ ᠭᠠᠳᠠᠨ᠋ᠡ ᠬᠦᠬᠦᠤᠷ ᠰᠠᠪᠠᠨ ᠳᠤ ᠬᠢᠵᠦ ᠠᠶᠢᠷᠠᠭ ᠬᠤᠭᠤᠷᠮᠠᠭ ᠢᠰᠬᠡᠳᠡᠭ᠃ | ᠬᠤᠭᠤᠷᠮᠠᠭ ᠢᠰᠬᠡᠳᠡᠭ᠃ ᠠᠶᠢᠷᠠᠭ ᠬᠤᠭᠤᠷᠮᠠᠭ ᠢ ᠢᠰᠴᠦ ᠠᠷᠪᠢᠵᠢᠭᠠᠳ ᠢᠷᠡᠬᠦ ᠪᠠᠷ ᠪᠤᠴᠠᠯᠭᠠᠭᠠᠳ ᠴᠠᠭ᠎ᠠ ᠪᠣᠯᠭᠠᠵᠤ ᠦᠳᠬᠡᠷᠡᠬᠦᠯᠦᠨ ᠰᠢᠷ᠎ᠡ ᠲᠣᠰᠣ ᠶᠢ ᠨᠢ | ᠰᠢᠬᠦᠵᠦ ᠠᠭᠠᠷᠣᠣᠯ ᠲᠠᠯᠪᠢᠵᠦ ᠰᠡᠷᠢᠬᠦᠨ ᠭᠠᠵᠠᠷ ᠲᠡᠯᠭᠡᠨ ᠬᠠᠳᠠᠭᠠᠳᠠᠭ᠃ ᠮᠥᠨ ᠰᠦ ᠶᠢ ᠡᠭᠡᠳᠡᠭᠦᠯᠦᠨ ᠪᠢᠰᠢᠯᠠᠭ ᠰᠢᠬᠠᠳᠠᠭ᠃ ᠢᠩᠭᠡᠨ ᠤ ᠰᠦ ᠶᠢ ᠢᠰᠬᠡᠵᠦ | ᠬᠤᠭᠤᠷᠮᠠᠭ ᠪᠣᠯᠭᠠᠨ ᠤᠤᠭᠤᠳᠠᠭ᠃ ᠨᠠᠮᠤᠷ ᠡᠪᠦᠯ ᠰᠦ ᠬᠥᠯᠳᠡᠭᠡᠵᠦ ᠡᠪᠦᠯ᠂ ᠬᠠᠪᠤᠷ ᠲᠤ ᠬᠡᠷᠡᠭᠯᠡᠳᠡᠭ᠃ ᠭᠡᠭᠦᠦ ᠪᠠᠨ ᠪᠠᠷᠢᠵᠤ ᠰᠠᠭᠠᠭᠠᠳ ᠰᠦ ᠶᠢ ᠨᠢ ᠠᠪᠴᠤ | ᠢᠰᠬᠡᠨ ᠠᠶᠢᠷᠠᠭ ᠪᠡᠯᠡᠳᠬᠡᠳᠡᠭ᠃ ᠮᠣᠩᠭᠤᠯᠴᠣᠳ ᠰᠥ ᠪᠠᠷ ᠭᠠᠭᠴᠠ ᠲᠦᠷᠦᠯ ᠤᠨ ᠢᠳᠡᠭᠡ ᠪᠤᠯᠪᠠᠰᠣᠷᠠᠭᠤᠯᠣᠨ ᠭᠠᠷᠭᠠᠬᠤ ᠨᠢ ᠬᠤᠪᠤᠷ᠃ ᠵᠦᠪᠬᠡᠨ ᠡᠭᠡᠵᠡᠬᠡᠢ᠂ | ᠪᠢᠰᠢᠯᠠᠭ ᠵᠡᠷᠬᠡ ᠶᠢ ᠬᠢᠬᠦ ᠳᠤ ᠰᠥ ᠶᠢ ᠰᠢᠭᠤᠳ ᠡᠭᠡᠳᠡᠬᠦᠯᠬᠦ ᠵᠢᠷᠣᠮ ᠢᠶᠠᠷ ᠪᠤᠯᠪᠠᠰᠣᠷᠠᠭᠤᠯᠳᠠᠭ᠃ ᠭᠤᠣᠯ ᠲᠦᠯᠦᠪ ᠠᠷᠭ᠎ᠠ ᠠᠵᠢᠯᠯᠠᠭᠠᠨ ᠤ ᠲᠡᠯᠭᠡᠷᠡᠩᠬᠦᠢ ᠦᠢᠯᠡ | ᠶᠠᠪᠤᠴᠠ ᠲᠣᠮᠳᠠᠭᠤᠷ ᠰᠦᠨ ᠤ ᠨᠠᠶᠢᠷᠠᠯᠭ᠎ᠠ ᠶᠢᠨ ᠭᠤᠣᠯ ᠵᠦᠢᠯ ᠢ ᠣᠯᠠᠨ ᠲᠦᠷᠦᠯ ᠤᠨ ᠴᠠᠭᠠᠨ ᠢᠳᠡᠭᠡ ᠶᠢ ᠲᠡᠰ ᠲᠠᠷᠠᠭᠠᠯᠠᠨ ᠭᠠᠷᠭᠠᠵᠦ ᠠᠪᠳᠠᠭ ᠣᠨᠴᠠᠯᠢᠭ ᠲᠠᠢ᠃ | ᠰᠥ ᠬᠦᠬᠡᠷᠡᠬᠦᠯᠦᠨ ᠦᠷᠦᠮ᠎ᠡ ᠭᠠᠷᠭᠠᠵᠦ ᠠᠪᠬᠤ᠃ ᠦᠷᠦᠮ᠎ᠡ ᠶᠢ ᠬᠤᠷᠢᠶᠠᠨ ᠲᠡᠬᠦᠨ ᠠᠴᠠ ᠰᠢᠷ᠎ᠡ ᠲᠣᠰᠣ᠂ ᠴᠦᠪ ᠭᠠᠷᠭᠠᠵᠦ ᠠᠪᠬᠤ᠃ ᠦᠷᠦᠮ᠎ᠡ ᠶᠢ ᠨᠢ | ᠠᠪᠤᠭᠰᠠᠨ ᠰᠥ ᠪᠠᠷ ᠲᠠᠷᠠᠭ ᠪᠦᠷᠢᠬᠦ᠂ ᠡᠰᠡᠪᠡᠯ ᠠᠶᠢᠷᠠᠭ ᠢᠰᠬᠡᠨ ᠰᠦᠨ ᠤ ᠠᠶᠢᠷᠠᠯᠭᠠ ᠳᠠᠬᠢ ᠰᠢᠬᠢᠷ ᠤᠨ ᠵᠦᠢᠯ ᠢ ᠰᠦᠨ ᠤ ᠬᠦᠴᠢᠯ᠂ ᠰᠫᠡᠷᠲ ᠪᠤᠯᠭᠠᠨ | ᠢᠰᠦᠯᠳᠦᠬᠦᠯᠬᠦ᠃ ᠲᠡᠷᠡ ᠠᠶᠢᠷᠠᠭ ᠢᠶᠠᠷ ᠢᠶᠠᠨ ᠲᠣᠭᠤᠭ᠎ᠠ ᠨᠡᠷᠡᠨ ᠠᠷᠢᠬᠢ᠂ ᠡᠭᠡᠳᠡᠮ᠂ ᠡᠭᠡᠷᠮᠡᠭ᠂ ᠴᠠᠭ᠎ᠠ ᠭᠠᠷᠭᠠᠬᠤ᠃ ᠴᠠᠭ᠎ᠠ ᠶᠢ ᠰᠢᠬᠦᠵᠦ ᠠᠭᠠᠷᠴᠠ ᠬᠢᠬᠦ᠃ | ᠠᠭᠠᠷᠴᠠ ᠰᠢᠬᠦᠵᠦ ᠠᠭᠠᠷᠣᠣᠯ ᠲᠠᠯᠪᠢᠬᠤ ᠮᠡᠳᠦ ᠪᠠᠷ ᠰᠥ ᠶᠢ ᠲᠡᠰ ᠲᠠᠷᠠᠭᠠᠯᠠᠭᠰᠠᠨ ᠠᠷᠭ᠎ᠠ ᠠᠵᠢᠯᠯᠠᠭᠠᠨ ᠢᠶᠠᠷ ᠣᠯᠠᠨ ᠲᠦᠷᠦᠯ ᠤᠨ ᠴᠠᠭᠠᠨ ᠢᠳᠡᠭᠡ ᠭᠠᠷᠭᠠᠵᠦ | ᠠᠪᠳᠠᠭ ᠪᠠᠶᠢᠨ᠎ᠠ᠃ ᠮᠣᠩᠭᠤᠯ ᠪᠢᠰᠢᠯᠠᠭ ᠬᠢᠬᠦ ᠳᠤ ᠡᠬᠡᠳᠡᠬᠦᠯᠬᠡ ᠶᠢᠨ ᠬᠦᠴᠢᠯ᠂ ᠬᠡᠮᠵᠢᠶ᠎ᠡ᠂ ᠰᠥ᠂ ᠬᠠᠯᠠᠭᠠᠬᠤ ᠲᠣᠯᠠᠭᠠᠨ ᠵᠡᠷᠬᠡ ᠨᠢ ᠡᠭᠡᠵᠡᠬᠡᠢ ᠡᠬᠡᠳᠡᠬᠦᠯᠬᠦ ᠲᠠᠢ | ᠠᠳᠠᠯᠢᠬᠠᠨ᠃ ᠭᠠᠭᠴᠠᠬᠦ ᠪᠢᠰᠢᠯᠠᠭ ᠬᠢᠬᠦ ᠲᠡᠭᠡᠨ ᠣᠨᠠᠭᠰᠠᠨ ᠡᠬᠡᠳᠡᠮ ᠢ ᠲᠦᠷᠬᠡᠨ ᠬᠤᠭᠤᠴᠠᠭᠠᠨ ᠳᠤ ᠰᠢᠬᠦᠨ ᠠᠪᠴᠤ ᠣᠭᠤᠳᠠᠨ ᠳᠤ ᠬᠢᠵᠦ ᠲᠠᠯ᠎ᠡ ᠲᠠᠯ᠎ᠡ ᠠᠴᠠ ᠨᠢ | ᠰᠢᠬᠠᠵᠦ ᠰᠢᠷ᠎ᠡ ᠰᠥ ᠶᠢ ᠨᠢ ᠢᠯᠭᠠᠬᠤ ᠶᠢᠨ ᠬᠠᠮᠳᠣ ᠪᠢᠰᠢᠯᠠᠭ ᠤᠨ ᠬᠡᠪ ᠲᠦᠷᠰᠦ ᠶᠢ ᠲᠣᠬᠢᠷᠠᠭᠤᠯᠳᠠᠭ᠃ ᠢᠡᠭᠬᠡ᠂ ᠦᠨᠢᠶᠡᠨ ᠦ ᠰᠥ ᠪᠠᠷ ᠬᠢᠳᠡᠭ ᠠᠶᠢᠷᠠᠭ ᠢ | ᠤᠮᠳᠠᠭ᠎ᠠ᠂ ᠵᠠᠷᠢᠮ ᠨᠣᠳᠤᠭ ᠲᠤ ᠬᠤᠭᠤᠷᠮᠠᠭ ᠬᠡᠵᠦ ᠨᠡᠷᠡᠯᠡᠳᠡᠭ᠃ ᠲᠣᠭᠤᠭ᠎ᠠ ᠨᠡᠷᠡᠵᠦ ᠠᠷᠢᠬᠢ ᠭᠠᠷᠭᠠᠬᠤ ᠪᠠ ᠠᠭᠠᠷᠴᠠ᠂ ᠠᠭᠠᠷᠣᠣᠯ ᠬᠢᠬᠦ ᠵᠣᠷᠢᠯᠭ᠎ᠠ ᠪᠠᠷ ᠠᠶᠢᠷᠠᠭ | ᠢᠰᠬᠡᠳᠡᠭ᠃ ᠠᠭᠠᠷᠣᠣᠯ᠂ ᠡᠬᠡᠵᠡᠬᠡᠢ᠂ ᠪᠢᠰᠢᠯᠠᠭ ᠪᠤᠯ ᠣᠭᠤᠷᠠᠭ᠂ ᠲᠣᠰᠣ ᠪᠠᠷ ᠪᠠᠶᠠᠯᠢᠭ ᠴᠠᠭᠠᠨ ᠢᠳᠡᠭᠡ ᠮᠦᠨ᠃ ᠮᠣᠩᠭᠤᠯᠴᠣᠳ ᠬᠡᠷᠡᠭᠴᠡᠭᠡ ᠪᠠᠨ ᠪᠦᠷᠢᠨ | ᠬᠠᠨᠭ᠍ᠭᠠᠵᠦ ᠴᠢᠳᠠᠬᠤ ᠴᠠᠭᠠᠨ ᠢᠳᠡᠬᠡᠨ ᠤ ᠴᠣᠭᠴᠠ ᠠᠷᠭ᠎ᠠ ᠠᠵᠢᠯᠯᠠᠭ᠎ᠠ ᠶᠢ ᠪᠤᠢ ᠪᠤᠯᠭᠠᠬᠤ ᠳᠠᠭᠠᠨ ᠡᠬᠡ᠂ ᠲᠦᠯ ᠮᠠᠯ ᠤᠨ ᠪᠢᠤᠯᠣᠬᠢ᠂ ᠲᠡᠳᠡᠬᠡᠷ ᠤᠨ ᠮᠠᠯᠵᠢᠯᠠᠭᠠᠨ ᠤ | ᠭᠤᠷᠢᠮ ᠲᠠᠢ ᠰᠢᠳᠦᠯᠴᠡᠬᠦᠯᠵᠦ ᠴᠢᠳᠠᠭᠰᠠᠨ ᠨᠢ ᠲᠠᠷᠠᠭᠠᠬᠢ ᠬᠦᠴᠦᠨ ᠵᠦᠢᠯ ᠤᠳ ᠲᠠᠢ ᠬᠤᠯᠪᠤᠭ᠎ᠠ ᠲᠠᠢ᠃ ᠡᠬᠦᠨ ᠳᠤ᠂ ᠮᠣᠩᠭᠤᠯ ᠮᠠᠯᠴᠢᠳ ᠨᠣᠳᠤᠭ ᠤᠨ | ᠡᠬᠦᠯᠳᠡᠷ ᠤᠨ ᠲᠦᠷᠦᠯ ᠪᠦᠷᠢ ᠶᠢᠨ ᠮᠠᠯ ᠤᠨ ᠲᠡᠯᠡᠩ ᠳᠤ ᠰᠥ ᠡᠬᠦᠰᠬᠦ᠂ ᠮᠠᠯ ᠰᠠᠭᠠᠬᠤ ᠬᠡᠪ ᠤᠨ ᠶᠠᠪᠤᠴᠠ ᠶᠢ ᠮᠠᠰᠢ ᠰᠠᠶᠢᠨ ᠮᠡᠳᠡᠳᠡᠭ᠃ ᠲᠦᠷᠦᠯ ᠪᠦᠷᠢ ᠶᠢᠨ | ᠮᠠᠯ ᠤᠨ ᠰᠦᠨ ᠤ ᠭᠠᠷᠣᠴᠠ᠂ ᠨᠠᠶᠢᠷᠠᠯᠭ᠎ᠠ᠂ ᠬᠤᠪᠢᠯᠠᠬᠤᠢ ᠶᠢᠨ᠂ ᠪᠤᠳᠠᠰ ᠵᠦᠢ ᠶᠢᠨ ᠪᠢᠴᠢᠯ ᠠᠮᠢ ᠰᠣᠳᠣᠯᠣᠯ ᠤᠨ ᠣᠨᠴᠠᠯᠢᠭ ᠢ ᠮᠣᠩᠭᠤᠯ ᠣᠷᠣᠨ ᠤ ᠪᠦᠰᠡ | ᠨᠣᠳᠤᠭ ᠤᠨ ᠣᠷᠴᠢᠨ ᠵᠦᠢ ᠶᠢᠨ ᠣᠨᠴᠠᠯᠢᠭ ᠲᠠᠢ ᠰᠢᠳᠦᠯᠴᠡᠬᠦᠯᠦᠨ ᠠᠰᠢᠭᠯᠠᠵᠦ ᠠᠰᠣᠷᠣ ᠶᠡᠭᠡ ᠮᠡᠳᠡᠯᠭᠡ᠂ ᠲᠣᠷᠰᠢᠯᠭ᠎ᠠ ᠬᠤᠷᠠᠮᠳᠣᠭᠤᠯᠵᠦ ᠴᠢᠳᠠᠭᠰᠠᠨ ᠪᠠᠶᠢᠳᠠᠭ᠃ | ᠮᠣᠩᠭᠤᠯ ᠣᠷᠣᠨ ᠤ ᠦᠪᠡᠷᠮᠢᠴᠡ ᠨᠦᠬᠦᠴᠡᠯ ᠳᠤ ᠡᠬᠡ ᠮᠠᠯ ᠤᠨ ᠰᠥ ᠰᠢᠮᠡᠵᠢᠯᠳᠡ᠂ ᠲᠦᠯ ᠤᠨ ᠰᠦᠨ ᠲᠡᠵᠢᠬᠡᠯᠭᠡ ᠶᠢᠨ ᠪᠢᠤᠯᠤᠬᠢ ᠶᠢ ᠮᠣᠩᠭᠤᠯᠴᠣᠳ | ᠣᠨᠴᠠᠭᠠᠢ ᠣᠬᠠᠭᠠᠷᠠᠭᠰᠠᠨ ᠪᠠᠶᠢᠳᠠᠭ᠃ ᠮᠠᠨᠳᠠᠵᠠᠪ ᠡᠮᠬᠢᠳᠬᠡᠨ ᠨᠠᠶᠢᠷᠠᠭᠤᠯᠪᠠ᠃ | |