ᠤᠷᠠᠳ ᠮᠣᠩᠭᠤᠯᠴᠤᠳ ᠤᠨ ᠴᠠᠢ ᠤᠮᠳᠠᠭᠠᠨ ᠤ ᠵᠦᠢᠯ
ᠨᠡᠶᠢᠲᠡᠯᠡᠭᠰᠡᠨ ᠴᠠᠭ᠄
2024/12/30
      ᠤᠷᠠᠳᠴᠤᠳ ᠤᠨ ᠤᠮᠳᠠᠭᠠᠨ ᠤ ᠵᠦᠢᠯ ᠳᠤ ᠭᠤᠣᠯᠳᠠᠭᠤ ᠴᠠᠢ᠂ ᠠᠷᠢᠬᠢ᠂ ᠴᠡᠭᠡ ᠮᠡᠲᠦ ᠶᠢᠨ ᠵᠦᠢᠯ ᠪᠠᠶᠢᠳᠠᠭ᠃ ᠴᠠᠢ ᠪᠣᠯ ᠬᠠᠮᠤᠭ ᠤᠨ ᠳᠡᠭᠡᠳᠦ ᠪᠠᠶᠢᠷᠢ ᠳᠤ ᠣᠷᠣᠬᠤ ᠮᠥᠷᠲᠡᠭᠡᠨ ᠥᠷᠯᠥᠭᠡ᠂ ᠦᠳᠡ ᠶᠢᠨ ᠬᠤᠭᠤᠯᠠᠨ ᠳᠤ ᠴᠥᠮ ᠤᠤᠭᠤᠳᠠᠭ ᠭᠤᠣᠯ ᠪᠣᠯᠬᠤ ᠤᠮᠳᠠᠭᠠᠨ ᠤ ᠵᠦᠢᠯ ᠪᠣᠯᠣᠨ᠎ᠠ᠃ ᠤᠷᠠᠳ ᠬᠥᠮᠥᠰ ᠬᠠᠷᠠᠬᠠᠨ ᠪᠠᠭ᠎ᠠ ᠠᠴᠠ ᠪᠠᠨ ᠴᠠᠢ ᠤᠤᠭᠤᠵᠤ ᠳᠠᠰᠤᠭᠰᠠᠨ ᠪᠣᠯᠬᠤᠷ ᠨᠠᠰᠤ ᠠᠬᠢᠬᠤ ᠶᠢ ᠳᠠᠭᠠᠯᠳᠤᠨ᠂ ᠨᠢᠭᠡ ᠴᠠᠭ ᠤᠨ ᠪᠤᠳᠠᠭ᠎ᠠ ᠬᠤᠭᠤᠯᠠ ᠣᠰᠣᠯᠳᠠᠪᠠᠴᠤ᠂ ᠬᠠᠷᠢᠨ ᠨᠢᠭᠡ ᠴᠠᠭ ᠤᠨ ᠴᠠᠢ ᠣᠰᠣᠯᠳᠠᠵᠤ ᠪᠣᠯᠳᠠᠭ ᠦᠭᠡᠢ᠃ ᠴᠠᠢ ᠶᠢᠨ ᠵᠦᠢᠯ ᠳᠤ ᠬᠠᠷ᠎ᠠ ᠴᠠᠢ᠂ ᠰᠦ ᠲᠠᠢ ᠴᠠᠢ᠂ ᠪᠤᠳᠠᠭ᠎ᠠ ᠣᠷᠬᠢᠭᠰᠠᠨ ᠴᠠᠢ᠂ ᠵᠤᠲᠠᠩ ᠴᠠᠢ ᠭᠡᠬᠦ ᠮᠡᠲᠦ ᠣᠯᠠᠨ ᠵᠦᠢᠯ ᠪᠠᠶᠢᠳᠠᠭ᠃ ᠬᠠᠷ᠎ᠠ ᠴᠠᠢ ᠬᠡᠪ ᠤᠨ ᠴᠠᠢ ᠪᠠᠨ ᠪᠠᠯᠪᠠᠯᠤᠨ ᠳᠠᠪᠤᠰᠤ ᠬᠢᠵᠦ ᠴᠢᠨᠠᠭᠰᠠᠨ ᠢ ᠬᠠᠷ᠎ᠠ ᠴᠠᠢ ᠭᠡᠳᠡᠭ᠃ ᠰᠦ ᠲᠠᠢ ᠴᠠᠢ ᠴᠢᠨᠠᠵᠤ ᠪᠤᠴᠠᠯᠭᠠᠭᠰᠠᠨ ᠴᠠᠢ ᠪᠠᠨ ᠰᠠᠭᠠᠮᠠᠯ ᠰᠥ᠋ ᠪᠤᠶᠤ ᠬᠠᠮᠤᠭᠰᠠᠨ ᠥᠷᠥᠮ᠎ᠡ ᠪᠠᠷ ᠨᠡᠶᠢᠯᠡᠭᠦᠯᠦᠭᠰᠡᠨ ᠢ ᠰᠥ᠋ ᠲᠠᠢ ᠴᠠᠢ ᠭᠡᠨ᠎ᠡ᠃ ᠥᠷᠥᠮ᠎ᠡ ᠪᠠᠷ ᠨᠡᠶᠢᠯᠡᠭᠦᠯᠦᠭᠰᠡᠨ ᠴᠠᠢ ᠪᠣᠯ ᠲᠤᠩ ᠰᠠᠶᠢᠬᠠᠨ ᠠᠮᠲᠠᠲᠠᠢ ᠪᠠᠶᠢᠳᠠᠭ᠃ ᠪᠤᠳᠠᠭ᠎ᠠ ᠣᠷᠬᠢᠭᠰᠠᠨ ᠴᠠᠢ ᠴᠠᠢ ᠪᠠᠨ ᠴᠢᠨᠠᠵᠤ ᠪᠤᠴᠠᠯᠭᠠᠭᠰᠠᠨ ᠤ ᠳᠠᠷᠠᠭ᠎ᠠ ᠰᠢᠭᠠᠷᠤ ᠶᠢ ᠨᠢ ᠱᠦᠭᠦᠵᠦ ᠠᠪᠤᠭᠠᠳ ᠳᠠᠬᠢᠵᠤ ᠬᠤᠨᠤᠭ ᠪᠤᠳᠠᠭ᠎ᠠ ᠪᠤᠶᠤ ᠲᠤᠲᠤᠷᠭ᠎ᠠ ᠪᠤᠳᠠᠭ᠎ᠠ ᠬᠢᠵᠦ ᠴᠢᠨᠠᠵᠤ ᠤᠤᠭᠤᠬᠤ ᠶᠢ ᠵᠢᠭᠠᠵᠤ ᠪᠣᠢ᠃ ᠵᠤᠲᠠᠩ ᠴᠠᠢ ᠤᠷᠢᠳ ᠢᠶᠠᠷ ᠳᠤᠮᠳᠠᠭᠤᠷ ᠱᠠᠭᠠᠵᠠᠩ ᠭᠤᠯᠢᠷ ᠢᠶᠠᠨ ᠲᠣᠭᠤᠭᠠᠨ ᠳᠤ ᠬᠢᠵᠦ ᠬᠠᠭᠤᠷᠤᠨ᠎ᠠ᠃ ᠳᠠᠷᠠᠭ᠎ᠠ ᠨᠢ ᠴᠢᠨᠠᠭᠰᠠᠨ ᠴᠠᠢ ᠪᠠᠨ ᠰᠢᠭᠠᠷᠤ ᠶᠢ ᠨᠢ ᠱᠦᠭᠦᠵᠦ ᠠᠪᠤᠭᠠᠳ ᠬᠠᠭᠤᠷᠣᠭᠰᠠᠨ ᠭᠤᠯᠢᠷ ᠳᠡᠭᠡᠷ᠎ᠡ ᠪᠠᠨ ᠬᠢᠵᠦ ᠪᠤᠴᠠᠯᠭᠠᠭᠠᠳ ᠤᠤᠭᠤᠳᠠᠭ᠃ ᠬᠢᠷᠠᠮ᠎ᠠ ᠵᠠᠷᠢᠮ ᠬᠥᠮᠥᠨ ᠴᠠᠢ ᠤᠤᠭᠤᠭᠠᠳ ᠲᠣᠬᠢᠷᠠᠬᠤ ᠦᠭᠡᠢ ᠦᠶ᠎ᠡ ᠳᠤ ᠤᠰᠤ ᠪᠠᠨ ᠪᠤᠴᠠᠯᠭᠠᠵᠤ᠂ ᠳᠡᠭᠡᠷ᠎ᠡ ᠨᠢ ᠰᠥ᠋ ᠬᠢᠵᠦ ᠨᠠᠶᠢᠷᠠᠭᠤᠯᠳᠠᠭ᠂ ᠡᠭᠦᠨ ᠢ ᠬᠢᠷᠠᠮ᠎ᠠ ᠭᠡᠳᠡᠭ᠃ ᠨᠡᠷᠡᠮᠡᠯ ᠴᠠᠢ ᠳᠡᠪᠦᠷ᠎ᠡ ᠳᠣᠲᠣᠷ᠎ᠠ ᠪᠠᠨ ᠴᠠᠢ᠂ ᠳᠠᠪᠤᠰᠤ ᠪᠠᠨ ᠲᠣᠬᠢᠷᠠᠭᠤᠯᠤᠨ ᠬᠢᠭᠰᠡᠨ ᠤ ᠳᠠᠷᠠᠭ᠎ᠠ ᠪᠤᠴᠠᠯᠤᠭᠰᠠᠨ ᠤᠰᠤ ᠪᠠᠨ ᠳᠡᠪᠦᠷ᠎ᠡ ᠳᠤ ᠪᠠᠨ ᠬᠢᠵᠦ ᠨᠡᠷᠡᠬᠦ ᠶᠢ ᠵᠢᠭᠠᠵᠤ ᠪᠣᠢ᠃ ᠤᠮᠳᠠ ᠦᠬᠡᠷ᠂ ᠬᠤᠨᠢᠨ ᠤ ᠪᠣᠷᠴᠠ ᠶᠢ ᠲᠠᠯᠬᠠᠯᠠᠵᠤ᠂ ᠳᠡᠭᠡᠷ᠎ᠡ ᠨᠢ ᠪᠠᠭ᠎ᠠ ᠲᠦᠭᠦᠬᠡᠢ ᠪᠤᠳᠠᠭ᠎ᠠ ᠪᠤᠶᠤ ᠲᠤᠲᠤᠷᠭ᠎ᠠ ᠪᠤᠳᠠᠭ᠎ᠠ ᠣᠷᠬᠢᠵᠤ᠂ ᠪᠤᠴᠠᠯᠭᠠᠭᠰᠠᠨ ᠴᠠᠢ ᠪᠠᠨ ᠰᠢᠭᠠᠷᠤ ᠶᠢ ᠨᠢ ᠲᠤᠩᠭᠠᠵᠦ ᠬᠢᠭᠡᠳ ᠪᠤᠴᠠᠯᠭᠠᠨ᠎ᠠ᠃ ᠤᠮᠳᠠ ᠪᠣᠯ ᠬᠤᠭᠤᠯᠠ ᠪᠤᠳᠠᠭ᠎ᠠ ᠶᠢ ᠣᠷᠣᠯᠠᠵᠤ ᠴᠢᠳᠠᠨ᠎ᠠ᠃   
ᠢᠷᠡᠯᠲᠡ᠄ ᠲᠣᠲᠣᠷᠬᠠᠢ ᠦᠭᠡᠢ