ᠴᠠᠭᠠᠨ ᠰᠠᠷ᠎ᠠ ᠶᠢᠨ ᠴᠡᠭᠡᠷ ᠶᠤᠰᠤᠨ  ᠬᠤᠶᠠᠷ 
  
2023/9/22
             ᠰᠢᠨ᠎ᠡ ᠶᠢᠨ ᠨᠢᠭᠡᠨ ᠳᠤ ᠠᠭᠤᠷᠯᠠᠬᠤ᠂ ᠬᠠᠷᠢᠶᠠᠬᠤ᠂ ᠬᠡᠷᠡᠯᠳᠦᠬᠦ᠂ ᠴᠤᠬᠢᠯᠳᠤᠬᠤ ᠶᠢ ᠴᠡᠭᠡᠷᠯᠡᠨ᠎ᠡ᠂ ᠭᠤᠨᠢᠭᠯᠠᠬᠤ᠂ ᠭᠠᠰᠠᠯᠬᠤ᠂ ᠤᠬᠢᠯᠠᠬᠤ ᠶᠢ ᠮᠠᠭᠤ ᠢᠷᠸ᠎ᠠ ᠭᠡᠳᠡᠭ᠃         ᠰᠢᠨ᠎ᠡ ᠶᠢᠨ ᠨᠢᠭᠡᠨ ᠳᠤ ᠠᠶᠢᠯ ᠳᠤ ᠬᠤᠨᠤᠬᠤ ᠶᠢ ᠴᠡᠭᠡᠷᠯᠡᠨ᠎ᠡ᠃         ᠰᠢᠨ᠎ᠡ ᠶᠢᠨ ᠨᠢᠭᠡᠨ ᠳᠤ ᠦᠨᠡᠰᠦ ᠬᠤᠭ ᠭᠠᠷᠭᠠᠬᠤ ᠶᠢ ᠴᠡᠭᠡᠷᠯᠡᠨ᠎ᠡ᠂ ᠦᠨᠡᠰᠦ ᠬᠤᠭ ᠢᠶᠠᠨ ᠰᠢᠨ᠎ᠡ ᠶᠢᠨ ᠨᠢᠭᠡᠨ ᠠᠴᠠ ᠡᠮᠦᠨ᠎ᠡ ᠭᠠᠷᠭᠠᠵᠤ᠂ ᠭᠡᠷ ᠲᠡᠷᠬᠡ ᠪᠠᠨ ᠴᠡᠮᠴᠡᠶᠢᠲᠡᠯ᠎ᠡ ᠴᠡᠪᠡᠷᠯᠡᠨ᠎ᠡ᠃         ᠰᠢᠨ᠎ᠡ ᠶᠢᠨ ᠨᠢᠭᠡᠨ ᠳᠤ ᠠᠶᠠᠭ᠎ᠠ ᠫᠢᠯᠠ ᠬᠠᠭᠠᠯᠬᠤ ᠶᠢ ᠴᠡᠭᠡᠷᠯᠡᠨ᠎ᠡ᠃             ᠰᠢᠨ᠎ᠡ ᠶᠢᠨ ᠨᠢᠭᠡᠨ ᠳᠤ ᠡᠮ ᠤᠤᠭᠤᠬᠤ ᠶᠢ ᠴᠡᠭᠡᠷᠯᠡᠨ᠎ᠡ᠃          ᠰᠢᠨ᠎ᠡ ᠶᠢᠨ ᠨᠢᠭᠡᠨ ᠳᠤ ᠭᠭᠢᠷ ᠲᠠᠭ ᠲᠠᠢ᠂ ᠪᠤᠵᠠᠷ ᠮᠠᠭᠤᠬᠠᠢ᠂ ᠴᠤᠭᠤᠷᠬᠠᠢ ᠬᠤᠪᠴᠠᠰᠤ ᠡᠮᠦᠰᠬᠦ ᠶᠢ ᠴᠡᠭᠡᠷᠯᠡᠨ᠎ᠡ᠃           ᠰᠢᠨ᠎ᠡ ᠶᠢᠨ ᠨᠢᠭᠡᠨ ᠳᠤ ᠠᠷᠢᠶᠠᠲᠠᠨ ᠠᠮᠢᠲᠠᠨ ᠤ ᠠᠮᠢ ᠲᠠᠰᠤᠯᠬᠤ ᠶᠢ ᠴᠡᠭᠡᠷᠯᠡᠨ᠎ᠡ᠂ ᠮᠠᠯ ᠤᠨᠤᠭ᠎ᠠ ᠪᠠᠨ ᠠᠷᠠᠴᠢᠯᠠᠵᠤ ᠳᠣᠳᠣᠮᠳᠠᠬᠤ ᠳᠤ ᠪᠠᠨ ᠴᠦ ᠮᠠᠭᠤ ᠮᠠᠭᠤᠬᠠᠢ ᠦᠭᠡ ᠪᠠᠷ ᠬᠠᠷᠢᠶᠠᠵᠤ ᠵᠦᠭᠡᠬᠦ ᠶᠢ ᠴᠡᠭᠡᠷᠯᠡᠨ᠎ᠡ᠃              
  ᠬᠤᠯᠪᠤᠭ᠎ᠠ ᠪᠦᠷᠬᠡ