ᠴᠠᠭᠠᠨ ᠢᠳᠡᠭᠡᠨ ᠤ ᠡᠮᠳᠦ ᠬᠡᠷᠡᠭᠴᠡᠭᠡ
  
2023/8/15
      ᠨᠢᠬᠡ᠂ ᠦᠷᠯᠦᠬᠡ ᠪᠦᠷᠢ ᠪᠤᠰᠤᠭᠰᠠᠨ ᠤ ᠲᠠᠷᠠᠭ᠎ᠠ ᠦᠯᠦᠨ ᠢᠶᠠᠷ 200g ᠰᠦ ᠤᠤᠭᠤᠨ᠎ᠠ᠂ 30 ᠬᠤᠨᠤᠭᠢᠡᠭᠭᠢᠵᠦ ᠰᠦ ᠤᠤᠭᠤᠪᠠᠯ ᠬᠦᠮᠦᠨ ᠤ ᠪᠡᠶ᠎ᠡ ᠶᠢᠨ ᠴᠢᠰᠤᠨ ᠤ ᠤᠯᠠᠭᠠᠨ ᠡᠰ ᠤᠨ ᠲᠤᠭ᠎ᠠ ᠨᠡᠮᠡᠭᠳᠡᠵᠦ᠂ ᠴᠢᠰᠤ ᠲᠤᠳᠠᠭᠳᠠᠬᠤ᠂ ᠰᠢᠮ᠎ᠠ ᠲᠡᠵᠢᠬᠡᠯ ᠲᠤᠳᠠᠭᠳᠠᠬᠤ ᠵᠡᠷᠬᠡ ᠡᠪᠡᠳᠴᠢᠨ ᠡᠮᠬᠡᠭ ᠢ ᠵᠠᠰᠠᠨ᠎ᠠ᠃      ᠬᠤᠶᠠᠷ᠂ 250g ᠰᠦᠨ ᠳᠤ 50g ᠯᠤᠬᠠᠱᠸᠡᠭ ᠨᠢᠴᠠᠯᠤᠨ ᠬᠢᠵᠦ ᠪᠤᠴᠠᠯᠭᠠᠭᠠᠳ ᠡᠳᠦᠷ ᠪᠦᠷᠢ ᠪᠠᠯ ᠢᠶᠠᠷᠲᠠᠷᠤᠭᠤᠯᠵᠤ ᠤᠤᠭᠤᠨ᠎ᠠ᠃ 30 ᠬᠤᠨᠤᠭ ᠢᠡᠭᠭᠢᠵᠦ ᠤᠤᠭᠤᠪᠠᠯ ᠬᠤᠳᠤᠭᠤᠳᠤᠨ ᠤ ᠰᠢᠩᠭᠡᠭᠡᠯᠳᠡ ᠶᠢ ᠰᠠᠶᠢᠵᠢᠷᠠᠭᠤᠯᠤᠨ᠎ᠠ᠃      ᠭᠤᠷᠪᠠ᠂ 250g ᠰᠢᠨ᠎ᠠ ᠰᠦᠨ ᠳᠤ ᠪᠠᠭ᠎ᠠ ᠬᠡᠮᠵᠢᠶᠡᠨ ᠤ ᠲᠦᠬᠦᠬᠡᠢ ᠭᠠ ᠬᠢᠵᠦ ᠪᠤᠴᠠᠯᠭᠠᠭᠠᠳ ᠡᠳᠦᠷ ᠲᠤ 2ᠤᠳᠠᠭ᠎ᠠ ᠤᠤᠭᠤᠪᠠᠯ ᠲᠤᠷ᠎ᠠ ᠪᠤᠯᠬᠢᠵᠤ ᠪᠦᠬᠡᠯᠵᠢᠬᠦ ᠶᠢ ᠵᠠᠰᠠᠨ᠎ᠠ᠃      ᠲᠦᠷᠪᠡ᠂ 250g ᠰᠦᠨ ᠳᠤ 1 ᠪᠦᠬᠦᠯᠢ ᠦᠨᠳᠡᠭᠡ ᠶᠢ ᠬᠠᠭᠠᠯᠵᠤ ᠴᠢᠨᠠᠭᠠᠳ ᠦᠷᠯᠦᠬᠡ ᠡᠷᠳᠡ ᠦᠯᠦᠨ ᠢᠶᠠᠷᠢᠳᠡᠨ᠎ᠠ᠂ ᠢᠡᠭᠭᠢᠵᠦ ᠨᠡᠯᠢᠶᠡᠳ ᠬᠡᠳᠦᠨ ᠡᠳᠦᠷ ᠵᠠᠯᠭᠠᠵᠤ ᠢᠳᠡᠪᠡᠯ ᠤᠳᠠᠭᠠᠨ ᠴᠢᠨᠠᠷᠳᠠᠢ ᠬᠤᠳᠤᠭᠤᠳᠤᠨ ᠦᠷᠪᠢᠰᠦᠯ ᠢᠵᠠᠰᠠᠬᠤ ᠳᠤ ᠰᠡᠶᠢᠨ ᠪᠠᠶᠢᠳᠠᠭ᠃        ᠲᠠᠪᠤ᠂ 250g ᠰᠦ ᠶᠢ ᠪᠤᠴᠠᠯᠭᠠᠭᠠᠳ 50g ᠪᠠᠯ᠂ ᠨᠢᠰᠢᠩᠭᠦ ᠶᠢᠨ ᠲᠠᠯᠬ᠎ᠠ ᠬᠢᠵᠦ ᠤᠤᠭᠤᠪᠠᠯ ᠬᠤᠳᠤᠭᠤᠳᠤᠨ ᠤᠰᠢᠷᠬᠠᠯᠠᠭ᠎ᠠ ᠪᠠ ᠨᠤᠭᠤᠯᠤᠭᠤᠷ ᠬᠡᠳᠡᠰᠦᠨ ᠤ ᠰᠢᠷᠬᠠᠯᠠᠭ᠎ᠠ ᠶᠢ ᠵᠠᠰᠠᠬᠤ ᠳᠤ ᠲᠤᠰᠠᠳᠠᠢ᠃      ᠵᠢᠷᠭᠤᠭ᠎ᠠ᠂ 500g ᠰᠦᠨ ᠳᠤ 15g ᠴᠢᠪᠠᠭ᠎ᠠ᠂ 100g ᠲᠤᠲᠤᠷᠭ᠎ᠠ ᠬᠢᠵᠦ ᠴᠢᠨᠠᠭᠠᠳ ᠢᠳᠡᠪᠡᠯ ᠲᠠᠮᠢᠷᠮᠠᠭᠤᠳᠠᠬᠤ᠂ ᠴᠢᠰᠤ ᠬᠦᠷᠦᠯᠴᠡᠬᠦ ᠦᠬᠡᠢ᠂ ᠶᠠᠳᠠᠷᠠᠵᠤ ᠲᠠᠮᠢᠷᠳᠠᠬᠤ ᠳᠤ ᠵᠠᠰᠠᠯ ᠪᠤᠯᠤᠨ᠎ᠠ᠃        ᠲᠤᠯᠤᠭ᠎ᠠ᠂ ᠲᠤᠲᠤᠷᠭ᠎ᠠ ᠶᠢᠨ ᠰᠢᠩᠭᠡᠨ ᠪᠤᠳᠠᠭᠠᠨ ᠳᠤ ᠰᠦ ᠬᠢᠵᠦ ᠪᠤᠴᠠᠯᠭᠠᠭᠠᠳ ᠦᠷᠯᠦᠬᠡ᠂ ᠤᠷᠤᠢ ᠳᠠᠭᠠᠨᠪᠦᠯᠢᠶᠡᠨ ᠢᠶᠠᠷ ᠢᠳᠡᠪᠡᠯ ᠢᠳᠡᠷᠴᠤᠳ ᠪᠠ ᠨᠠᠰᠤᠳᠠᠶᠢᠴᠤᠳ ᠤᠨ ᠪᠡᠶ᠎ᠡ ᠲᠠᠮᠢᠷ ᠰᠤᠯᠠ ᠲᠤᠷᠤᠢ᠂ ᠲᠠᠮᠢᠷ ᠴᠢᠰᠤ ᠶᠢᠨᠬᠤᠷᠤᠭᠳᠠᠯ ᠪᠠ ᠡᠪᠡᠳᠴᠢᠯᠡᠬᠡᠳ ᠡᠴᠡᠵᠦ ᠲᠤᠷᠠᠬᠤ᠂ ᠠᠮᠠ ᠬᠠᠳᠠᠵᠤ ᠤᠮᠳᠠᠭᠠᠰᠬᠤ᠂ ᠬᠤᠳᠤᠭᠤᠳᠤ ᠤᠷᠪᠠᠨ ᠵᠠᠩᠭᠢᠷᠠᠬᠤ᠂ᠬᠤᠷᠭᠤᠰᠤᠯᠠᠬᠤ ᠵᠡᠷᠬᠡ ᠡᠪᠡᠳᠴᠢᠨ ᠠᠷᠬᠠᠭ ᠢ ᠵᠠᠰᠠᠬᠤ ᠳᠤ ᠲᠤᠰᠠᠳᠠᠢ᠃      ᠨᠠᠢᠮᠨ᠂ 250g ᠰᠦ ᠶᠢ ᠪᠤᠴᠠᠯᠭᠠᠭᠠᠳ 6g ᠪᠤᠭᠤ ᠶᠢᠨ ᠡᠪᠡᠷ ᠤᠨ ᠴᠠᠪᠠᠤ ᠬᠢᠵᠦ ᠬᠠᠶᠢᠯᠤᠭᠤᠯᠤᠨ ᠪᠠᠭ᠎ᠠ ᠪᠠᠯᠬᠢᠵᠦ ᠬᠤᠳᠬᠤᠯᠠᠭᠰᠠᠨ ᠤ ᠬᠤᠶᠢᠨ᠎ᠠ ᠡᠳᠦᠷ ᠲᠤ 2 ᠤᠳᠠᠭ᠎ᠠ ᠤᠤᠭᠤᠪᠠᠯ ᠪᠦᠬᠡᠷ᠎ᠡ ᠶᠢᠨ ᠬᠡᠢ ᠪᠠ ᠨᠢᠷᠤᠭᠤ ᠡᠪᠡᠳᠬᠦ᠂ᠲᠤᠯᠤᠭᠠᠢ ᠡᠷᠬᠢᠨ ᠨᠢᠳᠦ ᠡᠷᠢᠶᠡᠯᠵᠡᠬᠦ᠂ ᠴᠢᠷᠠᠢ ᠬᠤᠵᠶᠢᠬᠤ ᠵᠡᠷᠬᠡ ᠡᠪᠡᠳᠴᠢᠨ ᠠᠷᠬᠠᠭ ᠢ ᠵᠠᠰᠠᠬᠤ ᠳᠤ ᠲᠤᠰᠠᠳᠠᠢ᠃     ᠶᠢᠰᠤ᠂ ᠰᠦ ᠪᠠᠰᠠ ᠵᠠᠷᠢᠮ ᠡᠪᠡᠳᠴᠢᠨ ᠢ ᠰᠡᠷᠬᠡᠶᠢᠯᠡᠬᠦ ᠴᠢᠳᠠᠪᠤᠷᠢ ᠲᠠᠢ ᠶᠤᠮ᠃ ᠰᠦᠨ ᠲᠤᠲᠤᠷ᠎ᠠ ᠶᠡᠭᠡᠬᠡᠮᠵᠢᠶᠡᠨ ᠤ ᠤᠭᠤᠷᠠᠭ ᠡᠳ᠋ ᠠᠭᠤᠯᠤᠭᠳᠠᠵᠤ᠂ ᠲᠡᠷᠡ ᠨᠢ ᠬᠦᠮᠦᠨ ᠤ ᠬᠤᠳᠤᠭᠤᠳᠤ ᠬᠡᠳᠡᠰᠦᠨ ᠳᠤ ᠤᠷᠤᠭᠰᠠᠨ ᠲᠤᠭᠤᠯᠭ᠎ᠠ᠂ ᠮᠦᠡᠭᠭᠦᠨ ᠤᠰᠤ ᠵᠡᠷᠬᠡ ᠪᠡᠶᠡᠨ ᠳᠤ ᠬᠤᠤᠷᠳᠠᠢ ᠲᠡᠮᠦᠷᠯᠢᠭ ᠪᠤᠳᠠᠰ ᠲᠠᠢ ᠨᠡᠶᠢᠯᠡᠵᠦ᠂ ᠠᠭᠤᠰᠬᠤ ᠴᠢᠨᠠᠷ ᠢᠶᠠᠷ ᠮᠠᠭᠤᠨᠢᠬᠡᠳᠦᠮᠡᠯ ᠪᠤᠳᠠᠰ ᠪᠤᠯᠤᠭᠠᠳ ᠰᠢᠬᠡᠰᠦ ᠪᠠᠷ ᠲᠠᠮᠵᠢᠨ ᠭᠠᠳᠠᠭᠰᠢᠯᠠᠨ᠎ᠠ᠃     ᠠᠷᠪᠠ᠂ ᠰᠦᠨ ᠲᠤᠲᠤᠷ᠎ᠠ ᠲᠤᠭᠳᠠᠭᠰᠠᠨ ᠬᠡᠮᠵᠢᠶᠡᠨ ᠤ ᠬᠡᠦᠬᠡᠳ ᠤᠨ ᠰᠠ ᠡᠪᠡᠳᠴᠢᠨ ᠤ ᠬᠤᠤᠷ᠂ ᠰᠠᠪᠬᠠᠨᠴᠢᠷᠪᠠᠺᠲ᠋ᠧᠷᠢ ᠶᠢ ᠡᠰᠡᠷᠬᠦᠴᠡᠬᠦ ᠪᠤᠳᠠᠰ ᠠᠭᠤᠯᠤᠭᠳᠠᠵᠤ ᠪᠠᠶᠢᠬᠤ ᠲᠤᠯᠠ ᠨᠢᠯᠬ᠎ᠠ ᠬᠡᠦᠬᠡᠳ ᠲᠤ ᠰᠦ ᠤᠤᠭᠤᠯᠭᠠᠪᠠᠯ ᠲᠡᠲᠡᠬᠡᠷᠪᠠᠺᠲ᠋ᠧᠷᠢ ᠪᠠ ᠡᠪᠡᠳᠴᠢᠨ ᠤ ᠬᠤᠤᠷ ᠢ ᠡᠰᠡᠷᠬᠦᠴᠡᠬᠦ ᠴᠢᠳᠠᠪᠤᠷᠢ ᠶᠢ ᠨᠡᠮᠡᠭᠳᠡᠬᠦᠯᠦᠨ᠎ᠠ᠃     ᠠᠷᠪᠠᠨ ᠨᠢᠬᠡ᠂ ᠰᠠᠶ᠋ᠢ ᠲᠦᠷᠦᠭᠰᠡᠨ ᠨᠢᠷᠡᠢ ᠬᠡᠦᠬᠡᠳ ᠢ ᠬᠦᠬᠦᠬᠦᠯᠬᠦ ᠠᠴᠠ ᠡᠮᠦᠨ᠎ᠡ ᠰᠢᠷ᠎ᠠ ᠲᠤᠰᠤ ᠶᠢ ᠠᠮᠠᠨ ᠳᠤᠨᠢᠬᠢᠵᠦ ᠤᠤᠭᠤᠯᠭᠠᠪᠠᠯ ᠵᠤᠩᠭᠠᠭ ᠢ ᠨᠢ ᠠᠷᠢᠯᠭᠠᠵᠤ᠂ ᠬᠡᠳᠡᠰᠦ ᠶᠢ ᠨᠢ ᠴᠡᠪᠡᠷᠰᠢᠬᠦᠯᠳᠡᠭ᠃     ᠠᠷᠪᠠᠨ ᠬᠤᠶᠠᠷ᠂ ᠰᠠᠯᠬᠢ ᠠᠪᠤᠭᠰᠠᠨ ᠠᠴᠠ ᠪᠤᠯᠵᠤ ᠬᠡᠦᠬᠡᠳ ᠤᠨ ᠬᠡᠳᠡᠰᠦ ᠬᠦᠬᠡᠬᠡᠪᠡᠯ ᠰᠢᠷ᠎ᠠ ᠲᠤᠰᠤ ᠶᠢᠬᠠᠶᠢᠯᠤᠭᠤᠯᠤᠭᠠᠳ ᠭᠠᠷ ᠲᠡᠭᠡᠷ᠎ᠡ ᠪᠠᠨ ᠲᠦᠷᠬᠢᠵᠦ ᠬᠡᠳᠡᠰᠦ ᠶᠢ ᠨᠢ ᠢᠯᠢᠪᠡᠯ ᠰᠡᠶᠢᠨ ᠪᠤᠯᠳᠠᠭ᠃     ᠠᠷᠪᠠᠨ ᠭᠤᠷᠪᠠ᠂ ᠰᠢᠷ᠎ᠠ ᠲᠤᠰᠤ ᠶᠢ ᠪᠤᠷᠠᠮ ᠲᠠᠢ ᠬᠤᠯᠢᠵᠤ ᠤᠤᠭᠤᠪᠠᠯ ᠬᠠᠨᠢᠶᠠᠬᠤ ᠶᠢ ᠵᠤᠭᠰᠤᠭᠠᠳᠠᠭ᠃     ᠠᠷᠪᠠᠨ ᠲᠦᠷᠪᠡ᠂ ᠵᠦᠬᠡᠢ᠂ ᠰᠢᠮᠠᠭᠤᠯ ᠳᠤ ᠬᠠᠳᠬᠤᠭᠳᠠᠭᠰᠠᠨ ᠭᠠᠵᠠᠷ ᠲᠤ ᠠᠶᠢᠷᠠᠭ ᠲᠠᠷᠠᠭ ᠲᠦᠷᠬᠢᠪᠡᠯᠬᠤᠤᠷ ᠢ ᠨᠢ ᠲᠠᠶᠢᠯᠳᠠᠭ᠃     ᠠᠷᠪᠠᠨ ᠲᠠᠪᠤ᠂ ᠨᠠᠰᠤᠳᠠᠢ ᠬᠦᠮᠦᠨ ᠦᠷᠬᠦᠯᠵᠢ ᠰᠢᠷ᠎ᠠ ᠲᠤᠰᠤ ᠢᠳᠡᠪᠡᠯ ᠬᠡᠳᠡᠰᠦ ᠬᠦᠬᠡᠬᠡᠬᠦ ᠳᠤ ᠰᠡᠶᠢᠨ ᠮᠦᠷᠳᠡᠬᠡᠨᠰᠢᠮ᠎ᠠ ᠲᠡᠵᠢᠬᠡᠯ ᠬᠦᠷᠳᠡᠵᠦ᠂ ᠲᠠᠮᠢᠷ ᠲᠡᠩᠭᠡᠭᠡ ᠨᠢ ᠰᠠᠶᠢᠵᠢᠷᠠᠨ᠎ᠠ᠃     ᠠᠷᠪᠠᠨ ᠵᠢᠷᠭᠤᠭ᠎ᠠ᠂ ᠰᠤᠭᠳᠤᠭᠰᠠᠨ ᠪᠤᠶᠤ ᠰᠢᠷᠠᠳᠤᠭᠰᠠᠨ ᠬᠦᠮᠦᠨ ᠠᠶᠢᠷᠠᠭ ᠲᠠᠷᠠᠭ ᠤᠤᠭᠤᠪᠠᠯ ᠠᠮᠠᠷᠬᠠᠨᠰᠡᠷᠬᠦᠨ᠎ᠠ᠃     ᠠᠷᠪᠠᠨ ᠲᠤᠯᠤᠭ᠎ᠠ᠂ ᠴᠠᠭᠠᠨ ᠢᠳᠡᠭᠡ ᠢᠯᠡᠬᠦᠬᠡᠨ ᠢᠳᠡᠪᠡᠯ ᠰᠦᠰᠦᠨ ᠤ ᠴᠢᠯᠠᠭᠤᠵᠢᠯ ᠠᠴᠠ ᠰᠡᠷᠬᠡᠶᠢᠯᠡᠵᠦᠲᠡᠶᠢᠯᠦᠨ᠎ᠠ᠃     ᠠᠷᠪᠠᠨ ᠨᠠᠢᠮᠨ᠂ ᠡᠮ ᠳᠤ ᠬᠤᠤᠷᠳᠠᠭᠰᠠᠨ ᠬᠦᠮᠦᠨ ᠠᠶᠢᠷᠠᠭ ᠲᠠᠷᠠᠭ ᠤᠤᠭᠤᠪᠠᠯ ᠰᠡᠶᠢᠨ ᠪᠤᠯᠳᠠᠭ᠃          
  ᠠᠯᠠᠱᠠᠨ ᠠᠶᠢᠮᠠᠭ ᠤᠨ ᠮᠤᠩᠭᠤᠯ ᠰᠦᠯᠵᠢᠶ᠎ᠡ