ᠶᠠᠭᠤ ᠶᠢ ᠦᠬᠡᠷ ᠤᠨ ᠠᠷᠠᠰᠤᠨ ᠤ ᠵᠠᠩᠭᠢᠯᠠᠭᠠᠲᠤ ᠡᠪᠡᠳᠴᠢᠨ ᠭᠡᠬᠦ ᠪᠣᠢ
  
2023/7/4
     ᠦᠬᠡᠷ ᠤᠨ ᠠᠷᠠᠰᠤᠨ ᠤ ᠵᠠᠩᠭᠢᠯᠠᠭᠠᠲᠤ ᠡᠪᠡᠳᠴᠢᠨ ᠢ ᠪᠠᠰᠠ ᠦᠬᠡᠷ ᠤᠨ ᠠᠷᠠᠰᠤᠨ ᠤ ᠭᠦᠪᠲᠦᠷᠦᠦ ᠡᠪᠡᠳᠴᠢᠨᠭᠡᠳᠡᠭ᠂ ᠡᠨᠡ ᠪᠣᠯ ᠨᠢᠭᠡ ᠵᠦᠢᠯ ᠤᠨ ᠪᠤᠳᠤ ᠶᠢᠨ ᠰᠠᠯᠠᠭᠠᠨ ᠤ ᠬᠤᠨᠢᠨ ᠤ ᠪᠤᠳᠤ ᠶᠢᠨ ᠸᠢᠷᠦ᠋ᠰ ᠤᠨ ᠲᠦᠷᠦᠯ ᠤᠨDNA ᠶᠢᠨ ᠸᠢᠷᠦ᠋ᠰ ᠠᠴᠠ ᠪᠣᠯᠤᠭᠰᠠᠨ ᠡᠪᠡᠳᠴᠢᠨ ᠶᠤᠮ᠂ ᠲᠡᠷᠡ ᠨᠢ ᠠᠷᠠᠰᠤᠨ ᠤ ᠭᠦᠪᠲᠦᠷᠦᠦ ᠡᠪᠡᠳᠴᠢᠨ ᠤᠸᠢᠷᠦ᠋ᠰ ᠠᠴᠠ ᠡᠭᠦᠰᠦᠭᠰᠡᠨ ᠨᠢᠭᠡ ᠵᠦᠢᠯ ᠤᠨ ᠲᠦᠷᠭᠡᠨ ᠴᠢᠨᠠᠷᠲᠠᠢ᠂ ᠳᠡᠳ᠋ ᠲᠦᠷᠭᠡᠨ ᠴᠢᠨᠠᠷᠲᠠᠢ ᠪᠤᠶᠤ ᠤᠳᠠᠭᠠᠨ ᠴᠢᠨᠠᠷᠲᠠᠢᠬᠠᠯᠳᠠᠪᠤᠷᠢᠲᠤ ᠡᠪᠡᠳᠴᠢᠨ ᠪᠣᠯᠣᠨ᠎ᠠ᠃ ᠲᠤᠰ ᠡᠪᠡᠳᠴᠢᠨ ᠤ ᠡᠪᠡᠳᠴᠢᠯᠡᠬᠦ ᠨᠤᠷᠮ᠎ᠠ ᠨᠢ 5% ᠠᠴᠠ 45% ᠶᠢᠨᠬᠤᠭᠤᠷᠣᠨᠳᠤ ᠪᠠᠶᠢᠵᠤ᠂ ᠦᠬᠦᠬᠦ ᠨᠤᠷᠮ᠎ᠠ ᠨᠢ ᠬᠠᠮᠤᠭ ᠥᠨᠳᠥᠷ ᠲᠡᠭᠡᠨ 10% ᠳᠤ ᠬᠦᠷᠳᠡᠭ᠃ ᠬᠤᠰᠲ ᠤᠨ ᠡᠵᠡᠨ ᠨᠢᠦᠬᠡᠷ᠂ ᠡᠭᠦᠨ ᠳᠤ ᠭᠤᠣᠯᠳᠠᠭᠤ ᠰᠢᠷ᠎ᠠ ᠦᠬᠡᠷ᠂ ᠪᠡᠲᠡᠭᠢ ᠶᠢᠨ ᠦᠬᠡᠷ ᠪᠠ ᠲᠡᠵᠢᠭᠡᠪᠦᠷᠢ ᠠᠽᠢᠶ᠎ᠠ ᠶᠢᠨ ᠤᠰᠤᠨ ᠦᠬᠡᠷᠪᠠᠭᠲᠠᠨ᠎ᠠ᠃ ᠲᠤᠰ ᠡᠪᠡᠳᠴᠢᠨ ᠤ ᠬᠠᠮᠤᠭ ᠤᠨ ᠭᠤᠣᠯ ᠬᠠᠯᠳᠠᠪᠤᠷᠢᠯᠠᠬᠤ ᠬᠡᠯᠪᠡᠷᠢ ᠪᠣᠯ ᠦᠶᠡᠲᠦ ᠬᠥᠯᠲᠡᠨ ᠤ ᠮᠧᠬᠠᠨᠢᠭᠴᠢᠨᠠᠷᠲᠠᠢ ᠲᠠᠷᠬᠠᠬᠤ ᠪᠠ ᠠᠮᠢᠲᠠᠨ ᠤ ᠬᠤᠭᠤᠷᠣᠨᠳᠤ ᠰᠢᠭᠤᠳ ᠬᠦᠷᠦᠯᠴᠡᠵᠦ ᠲᠠᠷᠬᠠᠳᠠᠭ᠃        ᠡᠪᠡᠳᠴᠢᠨ ᠤ ᠢᠯᠡᠷᠡᠯ ᠨᠢ ᠬᠠᠯᠠᠭᠤᠷᠠᠵᠤ᠂ ᠪᠡᠶ᠎ᠡ ᠶᠢᠨ ᠬᠠᠯᠠᠭᠤᠨ ᠨᠢ 41℃ ᠢ ᠳᠠᠪᠠᠭ᠋ᠤ ᠪᠥᠭᠡᠳ ᠨᠢᠭᠡ ᠭᠠᠷᠠᠭᠦᠷᠭᠦᠯᠵᠢᠯᠡᠨ᠎ᠡ᠃ ᠬᠠᠮᠠᠷ ᠤᠨ ᠦᠷᠪᠢᠰᠦᠯ᠂ ᠨᠡᠶᠢᠯᠡᠮᠡᠯ ᠪᠦᠷᠬᠦᠪᠴᠢ ᠶᠢᠨ ᠦᠷᠪᠢᠰᠦᠯ ᠤᠨ ᠰᠢᠨᠵᠢ ᠢᠯᠡᠷᠡᠨ᠂ ᠰᠢᠯᠦᠰᠦᠠᠷᠪᠢᠨ ᠭᠤᠭᠤᠵᠢᠭᠤᠯᠳᠠᠭ᠃ ᠰᠦ ᠱᠦᠭᠦᠷᠡᠭᠦᠯᠬᠦ ᠦᠨᠢᠶ᠎ᠡ ᠶᠢᠨ ᠰᠦᠨ ᠤ ᠭᠠᠷᠤᠯᠲᠠ ᠮᠡᠳᠡᠭᠳᠡᠮ᠎ᠡ ᠪᠠᠭᠠᠰᠤᠨ᠎ᠠ︔ ᠪᠦᠬᠦᠪᠡᠶ᠎ᠡ ᠳᠤᠨᠢ ᠳ᠋ᠢᠶᠠᠮᠧᠳ᠋ᠷ ᠨᠢ 2-5cm ᠤᠨ ᠭᠦᠪᠲᠦᠷᠦᠦ ᠭᠠᠷᠬᠤ ᠶᠢᠨ ᠬᠠᠮᠲᠤ ᠡᠪᠡᠳᠬᠦ ᠰᠡᠷᠡᠯ ᠳᠠᠭᠠᠯᠳᠤᠳᠠᠭ᠂ᠣᠨᠴᠠᠭᠠᠶᠢᠯᠠᠨ ᠨᠡᠷᠪᠡᠭᠳᠡᠭᠰᠡᠨ ᠤ ᠳᠠᠷᠠᠭ᠎ᠠ 7-19 ᠡᠳᠦᠷ ᠤᠨ ᠬᠤᠭᠤᠷᠣᠨᠳᠤ ᠠᠮᠢᠲᠠᠨ ᠤ ᠲᠣᠯᠣᠭᠠᠢ᠂ ᠬᠦᠵᠦᠭᠦᠦ᠂ ᠬᠥᠬᠦᠪᠠ ᠪᠡᠯᠭᠡ ᠶᠢᠨ ᠬᠡᠰᠡᠭ ᠲᠤ ᠦᠷᠭᠦᠯᠵᠢ ᠬᠠᠷᠠᠭᠳᠠᠳᠠᠭ᠂ ᠭᠦᠪᠲᠦᠷᠦᠦ ᠨᠢ ᠭᠠᠳᠠᠷ ᠬᠠᠯᠢᠰᠤ ᠪᠠ ᠵᠢᠩᠬᠢᠨᠢ ᠠᠷᠠᠰᠤᠨ ᠳᠤᠬᠠᠯᠳᠠᠵᠤ᠂ ᠡᠬᠢᠨ ᠤ ᠬᠤᠭᠤᠴᠠᠭᠠᠨ ᠳᠤ ᠰᠢᠩᠭᠡᠨ ᠰᠢᠬᠦᠰᠦ ᠨᠡᠪᠴᠢᠵᠦ᠂ 2 ᠭᠠᠷᠠᠭ ᠤᠨ ᠳᠠᠷᠠᠭ᠎ᠠ ᠵᠠᠷᠢᠮ ᠭᠦᠪᠲᠦᠷᠦᠦ ᠨᠢᠦᠬᠦᠵᠢᠭᠰᠡᠨ ᠰᠢᠭᠢᠳᠦᠭᠡᠰᠦ ᠪᠣᠯᠵᠤ ᠬᠤᠪᠢᠷᠠᠭᠠᠳ ᠪᠦᠬᠦ᠋ᠢᠯᠡ ᠠᠷᠠᠰᠤᠨ ᠳᠠᠪᠬᠤᠷᠭ᠎ᠠ ᠳᠤ ᠨᠡᠪᠲᠡᠷᠡᠳᠡᠭ᠃ ᠠᠮᠠᠨ ᠬᠥᠨᠳᠡᠢ᠂ᠰᠢᠩᠭᠡᠭᠡᠯᠲᠡ ᠶᠢᠨ ᠵᠠᠮ ᠤᠨ ᠰᠠᠯᠢᠰᠤᠲᠤ ᠪᠦᠷᠬᠦᠪᠴᠢ᠂ ᠮᠥᠭᠡᠷᠰᠦᠨ ᠬᠤᠭᠤᠯᠠᠢ ᠪᠠ ᠠᠭᠤᠰᠬᠢᠨ ᠤ ᠬᠡᠰᠡᠭ ᠲᠤ ᠪᠤᠳᠤ ᠶᠢᠨᠴᠢᠨᠠᠷᠲᠠᠢ ᠡᠪᠡᠳᠴᠢᠨ ᠤ ᠬᠤᠪᠢᠷᠠᠯᠲᠠ ᠭᠠᠷᠴᠤ᠂ ᠡᠭᠦᠨ ᠤ ᠤᠯᠠᠮ ᠠᠴᠠ ᠠᠩᠬᠠᠳᠠᠭᠴᠢ ᠴᠢᠨᠠᠷᠲᠠᠢ ᠪᠤᠶᠤ ᠬᠤᠶᠠᠳᠠᠭᠴᠢᠴᠢᠨᠠᠷᠲᠠᠢ ᠠᠭᠤᠰᠬᠢᠨ ᠦᠷᠪᠢᠰᠦᠯ ᠢ ᠡᠭᠦᠰᠬᠡᠳᠡᠭ︔ ᠤᠷᠮ᠎ᠠ ᠮᠠᠭᠤᠲᠠᠬᠤ᠂ ᠬᠤᠭᠤᠯᠠ ᠭᠤᠯᠣᠬᠤ᠂ ᠰᠦ ᠦᠭᠡᠢ ᠪᠣᠯᠬᠤ᠂ᠡᠴᠡᠵᠦ ᠲᠤᠷᠠᠬᠤ ᠵᠡᠷᠭᠡ ᠡᠪᠡᠳᠴᠢᠨ ᠤ ᠰᠢᠨᠵᠢ ᠢᠯᠡᠷᠡᠨ᠎ᠡ︔ ᠪᠤᠢ ᠪᠦᠬᠦᠢ ᠭᠦᠢᠬᠡᠨ ᠯᠢᠮᠹᠠ ᠶᠢᠨ ᠵᠠᠩᠭᠢᠯᠠᠭ᠎ᠠ ᠬᠠᠪᠤᠳᠴᠤᠲᠣᠮᠤᠷᠠᠨ᠎ᠠ᠃        ᠲᠤᠰ ᠡᠪᠡᠳᠴᠢᠨ ᠢ ᠭᠤᠣᠯᠳᠠᠭᠤ ᠤᠷᠢᠳᠴᠢᠯᠠᠨ ᠰᠡᠷᠭᠡᠶᠢᠯᠡᠬᠦ ᠠᠴᠠ ᠪᠢᠰᠢ ᠣᠨᠴᠠᠭᠠᠶ ᠵᠠᠰᠠᠬᠤ ᠠᠷᠭ᠎ᠠ ᠭᠡᠵᠦ ᠪᠠᠶᠢᠬᠤᠦᠭᠡᠢ᠃ ᠡᠮᠨᠡᠨ ᠵᠠᠰᠠᠬᠤ ᠳᠤ ᠸᠢᠷᠦ᠋ᠰ ᠢ ᠡᠰᠡᠷᠭᠦᠴᠡᠬᠦ ᠪᠠ ᠬᠦᠴᠦᠲᠡᠢ ᠨᠢᠶᠠᠨ ᠳᠠᠷᠤᠭᠴᠢ ᠪᠠᠷ ᠡᠮᠨᠡᠨ ᠵᠠᠰᠠᠵᠤᠦᠷᠭᠦᠯᠵᠢᠯᠡᠨ ᠬᠠᠯᠳᠠᠪᠤᠷᠢᠯᠠᠬᠤ ᠠᠴᠠ ᠵᠠᠶᠢᠯᠠᠰᠬᠢᠨ᠎ᠡ᠃                
  ᠮᠠᠯ ᠲᠠᠷᠢᠶᠠᠯᠠᠩ ᠤᠨ ᠲᠢᠩᠬᠢᠮ