ᠪᠥᠬᠡ ᠶᠢᠨ ᠴᠡᠭᠡᠷ
  
2023/7/4
         ᠪᠥᠬᠡ ᠨᠢ ᠡᠮᠥᠰᠬᠡᠯ ᠵᠠᠰᠠᠯ᠂ ᠰᠤᠷᠢᠶ᠎ᠡ ᠪᠤᠯᠪᠠᠰᠣᠷᠠᠯ᠂ ᠪᠠᠷᠢᠯᠳᠤᠬᠤ ᠵᠢᠷᠣᠮ᠂ ᠱᠠᠩ ᠬᠡᠰᠢᠭ ᠵᠠᠷᠭᠡᠲᠠᠯ᠎ᠠ ᠪᠠᠷ ᠴᠢᠩᠭ᠎ᠠ ᠲᠦᠷᠢᠮᠵᠢᠭᠰᠡᠨ ᠴᠡᠭᠡᠷ ᠶᠤᠰᠤ ᠲᠠᠢ ᠪᠤᠯᠤᠭᠰᠠᠨ ᠶᠤᠮ᠃        《ᠬᠦᠮᠥᠨ ᠳᠤ ᠠᠬ᠎ᠠ ᠲᠠᠢ᠂ ᠲᠡᠪᠡᠯ ᠳᠤ ᠵᠠᠭᠠᠮ᠎ᠠ ᠲᠠᠢ》 ᠭᠡᠳᠡᠭᠴᠢᠯᠠᠨ ᠮᠤᠩᠭᠤᠯᠴᠤᠳ ᠪᠤᠯ ᠠᠬᠠᠰᠵᠠᠬᠠᠰ ᠢᠶᠠᠨ ᠬᠦᠨᠳᠦᠯᠡᠨ᠂ ᠲᠡᠪᠡᠯ ᠮᠠᠯᠠᠭᠠᠢ ᠪᠠᠨ ᠡᠷᠬᠢᠮᠨᠡᠨ ᠲᠡᠭᠡᠳᠦᠯᠡᠳᠡᠭ ᠪᠤᠯᠪᠠᠰᠤᠨ ᠰᠤᠷᠲᠠᠯ ᠲᠠᠢ ᠲᠤᠯᠠ ᠦᠶ᠎ᠡ ᠦᠶ᠎ᠡ ᠶᠢᠨ ᠬᠦᠴᠦᠲᠦ ᠪᠥᠬᠡᠴᠤᠳ ᠴᠤ ᠡᠮᠥᠰᠬᠡᠯ ᠵᠠᠰᠠᠯ ᠢᠶᠠᠨ ᠨᠠᠨᠳᠢᠩᠨᠠᠨ ᠬᠠᠶᠢᠷᠠᠯᠠᠵᠦ᠂ ᠶᠤᠰᠤ ᠲᠦᠷᠢᠮ ᠲᠠᠢᠡᠳ᠋ᠯᠡᠭᠰᠡᠭᠡᠷ ᠢᠷᠡᠭᠰᠡᠨ ᠲᠡᠤᠬᠡ ᠲᠠᠢ᠃ ᠪᠥᠬᠡᠴᠤᠳ ᠮᠠᠯᠠᠭᠠᠢ ᠪᠠᠨ ᠭᠠᠵᠠᠷ ᠤᠨᠠᠭᠠᠬᠤ᠂ ᠬᠢᠰᠬᠢᠬᠦ᠂ ᠲᠡᠭᠡᠭᠦᠷ ᠨᠢᠠᠯᠬᠤᠬᠤ ᠶᠢ ᠲᠤᠩ ᠴᠡᠭᠡᠷᠯᠡᠳᠡᠭ᠃ ᠵᠠᠩᠭ᠎ᠠ ᠳᠤ ᠬᠠᠷ᠎ᠠ ᠥᠩᠭᠡ ᠶᠢᠨ ᠲᠤᠷᠭᠠᠨ ᠥᠭᠡᠳᠡᠰᠤ  ᠴᠠᠴᠤᠭ   ᠤᠷᠤᠬᠤ ᠶᠢ ᠴᠡᠭᠡᠷᠯᠡᠳᠡᠭ ᠪᠠ ᠪᠤᠰᠤᠳ ᠬᠥᠮᠥᠨ ᠢ ᠲᠤᠷ᠎ᠠ ᠪᠠᠷ ᠭᠠᠷ ᠬᠥᠷᠥᠬᠦᠯᠳᠡᠭ ᠥᠬᠡᠢ᠂ ᠪᠣᠵᠠᠷ ᠪᠤᠷᠳᠠᠭ ᠲᠠᠢᠶᠠᠭᠤᠮᠠᠨ ᠳᠤ ᠤᠢᠢᠷᠠᠳᠤᠭᠤᠯᠬᠤ ᠥᠭᠡᠢ ᠪᠥᠭᠡᠳ ᠲᠡᠭᠡᠬᠦᠷ ᠨᠢ ᠠᠯᠬᠤᠬᠤ᠂ ᠪᠤᠰᠤᠳ ᠲᠤ ᠵᠢᠭᠡᠯᠡᠬᠦᠯᠬᠦ ᠶᠢᠴᠡᠭᠡᠷᠯᠡᠳᠡᠭ᠃ ᠪᠠᠰᠠ ᠬᠦᠯᠦᠰᠦ ᠪᠤᠯᠤᠭᠰᠠᠨ ᠵᠠᠩᠭ᠎ᠠ ᠪᠠᠨ ᠤᠬᠢᠶᠠᠬᠤ ᠶᠢ ᠴᠡᠭᠡᠷᠯᠡᠵᠤ᠂ ᠵᠠᠩᠭ᠎ᠠ ᠶᠢ ᠪᠠᠷᠢᠯᠳᠤᠬᠤᠥᠬᠡᠢ ᠥᠶ᠎ᠡ ᠳᠤ ᠪᠠᠨ ᠪᠥᠰ ᠢᠶᠠᠷ ᠪᠠᠭᠯᠠᠵᠥ᠂ ᠬᠠᠨ᠎ᠠ ᠶᠢᠨ ᠲᠤᠯᠤᠭᠠᠢ ᠳᠤ ᠡᠯᠬᠦᠬᠦ ᠪᠣᠶᠣ ᠵᠣᠳᠤᠭ ᠤᠨ ᠲᠡᠭᠡᠷ᠎ᠡᠲᠡᠯᠪᠢᠵᠥ᠂ ᠠᠪᠳᠠᠷ᠎ᠠ ᠬᠤᠷᠭᠤᠨ ᠳᠤ ᠬᠢᠭᠰᠡᠨ ᠴᠤ ᠬᠠᠮᠤᠭ ᠤᠨ ᠲᠡᠭᠡᠷ᠎ᠡ ᠨᠢ ᠲᠠᠯᠪᠢᠵᠥ ᠬᠠᠳᠠᠭᠠᠯᠠᠳᠠᠭ᠃ᠲᠤᠪᠤᠷᠤᠤ ᠲᠠᠢ ᠵᠤᠳᠤᠭ ᠢ ᠵᠣᠵᠠᠭᠠᠨ ᠪᠥᠰ ᠢᠶᠠᠷ ᠲᠤᠳᠤᠷ ᠬᠢᠵᠥ᠂ ᠲᠤᠪᠣᠷᠣᠣ ᠶᠢᠨ ᠬᠠᠳᠠᠭᠠᠰᠤ ᠪᠥᠭᠡᠴᠢᠨ ᠤᠪᠡᠶ᠎ᠡ ᠶᠢ ᠰᠢᠷᠠᠬᠳᠣᠭᠤᠯᠬᠤ ᠪᠤᠶᠤ ᠪᠤᠰᠤᠳ ᠢ ᠭᠡᠮᠳᠦᠭᠡᠬᠦ ᠶᠢ ᠴᠡᠭᠡᠷᠯᠡᠳᠡᠭ ᠶᠤᠰᠤ ᠲᠠᠢ᠃ ᠭᠡᠲᠦ ᠨᠠᠷᠢᠬᠠᠨ ᠪᠤᠶᠤᠬᠠᠲᠠᠭᠤ ᠡᠳ᠋ ᠢᠶᠠᠷ ᠡᠯᠢᠬᠡ ᠪᠥᠰᠡ ᠬᠢᠬᠦ ᠥᠭᠡᠢ ᠪᠥᠭᠡᠳ ᠡᠯᠢᠭᠡ ᠪᠥᠰᠡ ᠶᠢ ᠰᠤᠯᠠ ᠪᠦᠰᠡᠯᠡᠬᠦ ᠶᠢ ᠴᠡᠭᠡᠷᠯᠡᠳᠡᠭᠶᠤᠰᠤᠨ ᠪᠤᠢ᠃        ᠰᠤᠷᠢᠶ᠎ᠠ ᠪᠤᠯᠪᠠᠰᠤᠷᠠᠯ ᠤᠨ ᠬᠤᠭᠤᠴᠠᠭᠠᠨ ᠳᠤ᠂ ᠬᠤᠷᠴᠠ ᠲᠤᠰᠤᠯᠢᠬ ᠢᠳᠡᠭᠡᠨ ᠢᠳᠡᠭᠦ᠂ ᠠᠷᠢᠬᠢ ᠲᠠᠮᠠᠬᠢᠡᠳ᠋ᠯᠡᠬᠦ᠂ ᠬᠦᠢᠳᠡᠨ ᠤᠰᠤ ᠤᠤᠭᠤᠬᠤ ᠶᠢ ᠴᠡᠭᠡᠷᠯᠡᠳᠡᠭ᠃ ᠪᠥᠬᠡ ᠶᠢᠨ ᠤᠨᠤᠭᠠᠯᠳᠠ ᠳᠤ᠂ ᠭᠠᠳᠠᠨ᠎ᠠ ᠠᠴᠠ ᠢᠷᠡᠭᠰᠡᠨᠪᠦᠬᠡ ᠶᠢ ᠠᠯᠢ ᠴᠢᠳᠠᠬᠤ ᠪᠠᠷ ᠦᠪᠡᠷ ᠤᠨ ᠬᠠᠷᠢᠶᠠᠨ ᠤ ᠵᠠᠯᠠᠭᠤ ᠪᠦᠬᠡᠴᠤᠳ ᠢᠶᠠᠷ ᠡᠷᠳᠡᠬᠡᠨ ᠬᠠᠶᠠᠭᠤᠯᠬᠤ ᠶᠢᠵᠤᠷᠢᠵᠤ᠂ ᠠᠩᠬᠠᠨ ᠤ ᠳᠠᠪᠠᠭᠠᠨ ᠠᠴᠠ ᠭᠠᠳᠠᠨ᠎ᠠ ᠶᠢᠨ ᠪᠦᠬᠡ ᠶᠢᠨ ᠤᠷ᠎ᠠ ᠡᠷᠳᠡᠮ᠂ ᠴᠢᠳᠠᠯ ᠬᠦᠴᠦᠨ ᠤ ᠪᠠᠶᠢᠳᠠᠯ ᠢᠠᠩᠬᠠᠷᠤᠨ ᠰᠤᠳᠤᠯᠵᠤ᠂ ᠬᠡᠨ ᠢ ᠬᠡᠨ ᠢᠶᠠᠷ ᠤᠨᠠᠭᠠᠬᠤ ᠶᠢ ᠨᠠᠷᠢᠨ ᠪᠤᠳᠤᠯᠬᠢᠯᠠᠳᠠᠭ ᠪᠤᠯᠪᠠᠴᠦ᠂ ᠠᠯᠳᠠᠷ ᠴᠤᠤᠲᠤᠪᠥᠬᠡ ᠶᠢ ᠬᠠᠷᠢᠯᠴᠠᠨ ᠤᠨᠤᠭ᠎ᠠ ᠲᠠᠭᠠᠷᠠᠭᠤᠯᠬᠤ᠂ ᠭᠠᠳᠠᠨ᠎ᠠ ᠶᠢᠨ ᠪᠥᠬᠡ ᠶᠢ ᠭᠠᠳᠠᠭᠤᠷᠴᠢᠯᠠᠬᠤ᠂ ᠠᠬᠠᠮᠠᠳ ᠪᠥᠬᠡ ᠶᠢᠠᠩᠬᠠᠨ ᠤ ᠤᠨᠤᠭᠠᠨ ᠳᠤ ᠰᠢᠷᠦ᠋ᠢᠳᠤᠭᠤᠯᠬᠤ ᠵᠡᠷᠭᠡ ᠶᠢ ᠴᠡᠭᠡᠷᠯᠡᠳᠡᠭ ᠶᠤᠰᠤᠨ ᠪᠠᠶᠢᠳᠠᠭ᠃ ᠪᠤᠯᠪᠠᠰᠤᠷᠠᠯᠰᠢᠯᠭᠠᠯᠲᠠ ᠶᠢᠨ ᠪᠠᠷᠳᠠᠭ᠎ᠠ ᠲᠤᠭᠤᠯᠵᠦ ᠴᠢᠳᠠᠭᠠᠳᠤᠢ ᠰᠤᠷᠢᠶᠡᠨ ᠤ ᠵᠠᠯᠠᠭᠤ ᠪᠥᠬᠡᠴᠤᠤᠯ ᠢ ᠬᠢᠯᠪᠠᠷᠬᠠᠨ ᠭᠠᠳᠠᠭᠰᠢᠨᠠᠶᠢᠷ ᠲᠤ ᠶᠠᠪᠤᠭᠤᠯᠳᠠᠭ ᠦᠬᠡᠢ ᠪᠥᠬᠡᠳ ᠨᠡᠯᠢᠶᠡᠳ ᠢᠳᠡᠭᠡᠯ ᠨᠠᠶᠢᠳᠠᠯᠭ᠎ᠠ ᠲᠠᠢ ᠪᠤᠯᠤᠭᠰᠠᠨ ᠦᠶ᠎ᠡ ᠳᠤ ᠰᠠᠶ᠋ᠢᠲᠤᠮᠤᠬᠠᠨ ᠨᠠᠶᠢᠷ ᠲᠤ ᠪᠠᠷᠢᠯᠳᠤᠬᠤ ᠪᠠᠷ ᠶᠠᠪᠤᠬᠤ ᠶᠢ ᠵᠦᠪᠰᠢᠶᠡᠷᠡᠳᠡᠭ᠃ᠪᠠᠷᠢᠯᠳᠤᠭᠠᠨ ᠤ ᠶᠠᠪᠤᠴᠠ ᠳᠤ᠂ ᠪᠥᠬᠡ ᠬᠦᠮᠦᠨ ᠤ ᠪᠠᠭᠤᠵᠦ ᠦᠭᠬᠦ ᠶᠢ ᠶᠡᠬᠡᠲᠡ ᠴᠡᠭᠡᠷᠯᠡᠳᠡᠭ ᠨᠢ ᠨᠠᠶᠢᠷ ᠨᠠᠭᠠᠳᠤᠮᠰᠤᠨᠢᠷᠬᠠᠵᠦ ᠪᠠᠶᠢᠭ᠎ᠠ ᠦᠵᠡᠭᠴᠢ ᠤᠯᠠᠨ ᠤ ᠤᠷᠬᠢᠯᠤᠮ᠎ᠠ ᠬᠠᠯᠠᠭᠤᠨ ᠰᠡᠳᠬᠢᠯ ᠢ ᠨᠢ ᠰᠡᠪᠳᠤᠭᠡᠬᠦ ᠶᠢ ᠭᠢᠴᠢᠶᠡᠭᠰᠡᠨᠶᠠᠪᠤᠳᠠᠯ ᠪᠥᠭᠡᠳ ᠢᠯᠠᠩᠭᠤᠶ᠎ᠠ ᠪᠠᠭᠤᠵᠦ ᠦᠭᠬᠦ ᠶᠢ ᠪᠥᠬᠡ ᠬᠦᠮᠦᠨ ᠤ ᠦᠶ᠎ᠡ ᠰᠤᠯᠠᠷᠠᠵᠦ ᠬᠡᠶᠢᠮᠤᠷᠢ ᠬᠡᠪᠲᠡᠨ᠎ᠡ ᠬᠡᠵᠦᠦᠵᠡᠳᠡᠭ ᠤᠯᠠᠮᠵᠢᠯᠠᠯᠲᠦ ᠦᠵᠡᠯᠲᠡ ᠲᠠᠢ ᠬᠤᠯᠪᠤᠭ᠎ᠠ ᠲᠠᠢ ᠶᠤᠮ᠃ ᠪᠦᠬᠡ ᠶᠢᠨ ᠤᠷᠢᠶ᠎ᠠ ᠦᠭᠡᠢ ᠪᠠᠷ ᠪᠦᠬᠡᠲᠠᠯᠪᠢᠬᠤ ᠶᠢ ᠴᠡᠬᠡᠷᠯᠡᠵᠤ᠂ ᠠᠯᠳᠠᠷᠳᠤ ᠪᠦᠬᠡ᠂ ᠠᠬᠠᠮᠠᠳ ᠪᠦᠬᠡ ᠶᠢ ᠬᠤᠶᠢᠨ᠎ᠠ ᠭᠠᠷᠤᠭᠠᠨ ᠳᠤ ᠭᠠᠷᠭᠠᠬᠤ ᠶᠢᠤᠨᠴᠠᠭᠠᠢ ᠴᠡᠭᠡᠷᠯᠡᠳᠡᠭ᠃ ᠮᠠᠭᠰᠢᠯᠳᠠ ᠳᠡᠪᠢᠯᠳᠡ ᠦᠭᠡᠢ ᠪᠦᠬᠡ ᠶᠢᠨ ᠲᠠᠯᠠᠪᠠᠢ ᠳᠤ ᠭᠠᠷᠬᠤ ᠶᠢ ᠪᠥᠬᠡ ᠶᠢᠨ ᠵᠢᠷᠤᠮᠶᠤᠰᠤᠨ ᠤ ᠬᠤᠪᠢ ᠳᠤ ᠴᠡᠬᠡᠷᠯᠡᠳᠡᠭ᠃ ᠪᠠᠷᠢᠴᠠ ᠠᠪᠬᠤ ᠳᠤ ᠪᠠᠨ ᠭᠡᠨᠡᠳᠡᠭᠦᠯᠥᠨ ᠠᠷᠤᠳᠠᠵᠦ ᠪᠠᠷᠢᠬᠤ ᠶᠢ ᠴᠡᠭᠡᠷᠯᠡᠵᠤ᠂ᠦᠰᠦ ᠲᠤᠯᠤᠭᠠᠢ ᠪᠤᠶᠤ ᠵᠠᠩᠬᠢᠶ᠎ᠠ ᠳᠤ ᠭᠠᠷ ᠬᠦᠷᠬᠦ ᠶᠢ ᠴᠡᠭᠡᠷᠯᠡᠵᠤ᠂ ᠪᠠᠷᠢᠯᠳᠤᠬᠤ ᠶᠠᠪᠤᠴᠠ ᠳᠤ ᠦᠭᠡ ᠶᠠᠷᠢᠵᠦᠢᠨᠢᠶᠡᠯᠴᠡᠬᠦ᠂ ᠬᠦᠯ ᠠᠴᠠ ᠪᠠᠷᠢᠬᠤ᠂ ᠦᠮᠦᠲᠦ ᠪᠤᠶᠤ ᠬᠤᠷᠮᠦ᠋ᠢᠪᠴᠢ ᠠᠴᠠ ᠪᠠᠷᠢᠬᠤ᠂ ᠤᠨᠠᠭᠰᠠᠨ ᠪᠥᠭᠡ ᠶᠢᠨᠲᠡᠭᠡᠭᠦᠷ ᠨᠢ ᠭᠠᠷᠬᠤ ᠪᠤᠶᠤ ᠵᠤᠷᠢᠭᠤᠳᠠ ᠬᠦᠴᠦᠲᠠᠢ ᠲᠠᠷᠦᠵᠦ ᠤᠢᠢᠴᠢᠬᠤ ᠮᠡᠲᠦ ᠶᠢᠨ ᠲᠤᠷᠤᠮᠵᠢᠯᠠᠯ ᠪᠠᠬᠤᠤᠷᠯᠠᠯ ᠤᠨ ᠴᠢᠨᠠᠷᠲᠠᠢ ᠤᠪᠤᠷ ᠵᠠᠩ ᠭᠠᠷᠭᠠᠬᠤ ᠶᠢ ᠴᠡᠭᠡᠷᠯᠡᠨ ᠬᠤᠷᠢᠭᠯᠠᠳᠠᠭ ᠪᠠ ᠵᠠᠰᠠᠭᠤᠯᠴᠢ ᠬᠢᠨᠠᠭᠴᠢ ᠲᠠᠢᠮᠠᠷᠭᠤᠵᠦ ᠬᠡᠷᠡᠯᠳᠦᠬᠦ ᠶᠢ ᠴᠡᠭᠡᠷᠯᠡᠳᠡᠭ ᠨᠢ ᠪᠥᠬᠡ ᠪᠤᠯᠤᠭᠰᠠᠳ ᠤᠨ ᠨᠠᠭᠠᠲᠦ ᠵᠠᠬ᠎ᠠ ᠶᠢᠨ ᠱᠠᠭᠠᠷᠳᠠᠯᠭ᠎ᠠ ᠪᠠᠶᠢᠵᠦ᠂ᠪᠤᠰᠤᠳ ᠲᠤ ᠶᠤᠰᠤᠷᠬᠠᠭ ᠨᠠᠶᠢᠷᠰᠠᠭ ᠬᠠᠨᠳᠤᠬᠤ ᠶᠢᠨ ᠴᠢᠬᠤᠯᠠ ᠵᠠᠷᠴᠢᠮ ᠪᠤᠯᠤᠭᠰᠠᠭᠠᠷ ᠢᠷᠡᠪᠡ᠃ ᠲᠠᠪᠤᠰᠠᠩᠲᠡᠭᠡᠷ᠎ᠡ ᠨᠢ ᠡᠪᠤᠳᠥᠭᠯᠡᠬᠦ᠂ ᠬᠢᠩᠭᠠᠷ᠎ᠠ ᠰᠢᠯᠪᠢ ᠶᠢ ᠨᠢ ᠢᠰᠬᠦᠯᠬᠦ᠂ ᠲᠥᠪᠥᠩᠬᠡᠢ ᠪᠤᠶᠤ ᠴᠡᠭᠡᠵᠢᠨ ᠲᠡᠭᠡᠷ᠎ᠡ ᠨᠢᠲᠤᠬᠤᠢᠢᠯᠳᠠᠨ ᠲᠠᠷᠤᠵᠦ ᠤᠢᠢᠴᠢᠬᠤ ᠵᠡᠷᠭᠡ ᠬᠤᠤᠷᠯᠠᠯ ᠤᠨ ᠴᠢᠨᠠᠷᠲᠠᠢ ᠮᠡᠭᠡ ᠬᠢᠬᠦ ᠶᠢ ᠴᠡᠭᠡᠷᠯᠡᠬᠦ ᠵᠡᠷᠭᠡ ᠨᠢ ᠪᠥᠬᠡᠬᠦᠮᠦᠨ ᠤ ᠡᠷᠡᠭᠦᠯ ᠮᠡᠨᠲᠦ᠂ ᠠᠮᠢ ᠨᠠᠰᠤᠨ ᠳᠤ ᠠᠶᠤᠯ ᠤᠰᠤᠯ ᠲᠠᠢ ᠪᠤᠯᠬᠤ ᠠᠴᠠ ᠰᠡᠷᠭᠡᠶᠢᠯᠡᠭᠰᠡᠨ ᠰᠢᠭᠤᠳᠬᠠᠨᠳᠤᠯᠭ᠎ᠠ ᠲᠠᠢ ᠶᠤᠮ᠃         ᠵᠠᠰᠠᠭᠤᠯᠴᠢ ᠪᠠ ᠬᠢᠨᠠᠭᠴᠢ ᠠᠴᠠ ᠪᠠᠷᠢᠯᠳᠤᠵᠤ ᠪᠠᠶᠢᠭ᠎ᠠ ᠪᠦᠬᠡ ᠶᠢᠨ ᠪᠡᠶ᠎ᠠ ᠳᠤ ᠬᠦᠴᠦ ᠨᠡᠮᠡᠨ ᠠᠯᠠᠭᠠᠳᠠ ᠵᠤᠲᠦᠯᠬᠢᠬᠦ ᠪᠤᠶᠤ ᠲᠦᠰᠢᠵᠤ ᠲᠤᠯᠬᠤ ᠶᠢ ᠴᠡᠬᠡᠷᠯᠡᠭᠦ᠂ ᠲᠠᠨᠢᠯ ᠲᠠᠯ᠎ᠠ ᠬᠠᠷᠠᠬᠤ᠂ ᠦᠪᠡᠷ ᠤᠨ ᠪᠦᠬᠡ ᠶᠢᠨ ᠤᠨᠠᠭᠰᠠᠨᠲᠠᠪᠠᠭᠰᠠᠨ ᠢ ᠨᠠᠷᠢᠨ ᠬᠠᠷᠠᠭᠰᠠᠨ ᠴᠤ ᠰᠢᠳᠤᠷᠭᠤ ᠪᠤᠰᠤ ᠬᠠᠨᠳᠤᠬᠤ ᠶᠢ ᠴᠡᠬᠡᠷᠯᠡᠭᠦ᠂ ᠪᠠᠷᠢᠯᠳᠤᠭᠠᠨ ᠤ ᠲᠦᠷᠢᠮᠵᠦᠷᠢᠴᠡᠭᠰᠠᠨ ᠪᠦᠬᠡ ᠳᠤ ᠡᠪᠯᠡᠷᠡᠩᠭᠦᠢ ᠬᠠᠨᠳᠤᠬᠤ ᠶᠢ ᠴᠡᠬᠡᠷᠯᠡᠬᠦ ᠵᠡᠷᠬᠡ ᠨᠢ ᠵᠠᠰᠠᠭᠤᠯᠴᠢ᠂ ᠬᠢᠨᠠᠭᠴᠢ ᠶᠢᠨ ᠲᠦᠪᠴᠢᠭᠴᠢ᠂ ᠦᠨᠡᠨᠴᠢ ᠰᠢᠳᠤᠷᠭᠤ᠂ ᠢᠯᠳᠠᠷ ᠬᠠᠷᠠᠬᠤ ᠦᠬᠡᠢ᠂ ᠠᠰᠢᠭ ᠰᠠᠨᠠᠬᠤ ᠦᠬᠡᠢ ᠬᠡᠪ ᠴᠢᠨᠠᠷ ᠤᠨ ᠬᠢᠨᠢ ᠪᠤᠳᠠᠲᠦ ᠬᠡᠮᠵᠢᠭᠦᠷ ᠪᠤᠯᠬᠤ ᠶᠤᠮ᠃          
  ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠠᠮᠢᠷ ᠤᠨ ᠲᠤᠪᠴᠢᠶ᠎ᠠ