ᠴᠢᠩᠬᠢᠰ ᠤᠨ ᠰᠤᠷᠭᠠᠯ
  
2023/7/25
      1. ᠲᠥᠷᠦ ᠶᠢᠨ ᠬᠡᠷᠡᠭ ᠲᠤ ᠪᠡᠶ᠎ᠡ ᠪᠦᠬᠡ ᠪᠦᠬᠡᠰᠦ ᠭᠠᠭᠴᠠ ᠶᠢ ᠢᠯᠠᠨ᠎ᠠ᠃ ᠰᠡᠳᠭᠢᠯ ᠪᠦᠬᠡ ᠪᠦᠬᠡᠰᠦ ᠪᠦᠭᠦᠳᠡ ᠶᠢ ᠢᠯᠠᠨ᠎ᠠ᠃          2. ᠲᠥᠷᠦ ᠤᠯᠤᠰ ᠤᠨ ᠬᠠᠭᠠᠨ ᠪᠣᠯ ᠶᠡᠷᠦ ᠶᠢᠨ ᠵᠡᠷᠭᠡ ᠬᠡᠷᠬᠢᠮ ᠲᠠᠢ ᠠᠳᠠᠯᠢ ᠦᠭᠡᠢ ᠲᠤᠯᠠ ᠡᠩ ᠤᠨ ᠨᠢᠭᠡ ᠬᠡᠯᠡᠵᠦ᠂ ᠬᠡᠯᠡᠭᠳᠡᠵᠦ ᠶᠠᠭᠠᠬᠢᠨ ᠪᠣᠯᠣᠨ᠎ᠠ᠂ᠣᠯᠠᠨ ᠤ ᠰᠡᠳᠭᠢᠯ ᠲᠡᠭᠦᠨ ᠢ ᠬᠠᠭᠠᠨ ᠮᠡᠲᠦ ᠦᠵᠡᠵᠦ ᠪᠠᠶᠢᠪᠠᠯ ᠲᠡᠷᠡ ᠬᠠᠭᠠᠨ ᠮᠦᠨ᠃          3. ᠬᠡᠷᠪᠡ ᠲᠡᠷᠢᠭᠦᠨ ᠪᠣᠯᠴᠢᠬᠠᠭᠠᠳ ᠬᠠᠭᠠᠨ ᠤ ᠶᠠᠪᠤᠳᠠᠯ ᠢᠶᠠᠷ ᠶᠠᠪᠤᠵᠤ ᠡᠰᠡ ᠬᠠᠭᠠᠨ ᠪᠣᠯᠵᠤ ᠶᠠᠭᠤ ᠬᠢᠨ᠎ᠡ᠂ ᠲᠥᠮᠡᠨ ᠤ ᠰᠢᠪᠰᠢᠭ᠃         4. ᠮᠡᠬᠦ᠋ᠢᠨ ᠪᠠᠶᠠᠰᠬᠤ ᠨᠢ ᠡᠨᠡ ᠳᠡᠯᠡᠬᠡᠢ ᠳᠠᠬᠢᠨ ᠨᠢᠭᠡᠨ ᠭᠡᠷ ᠪᠦᠯᠢ ︵ᠮᠡᠲᠦ︶ ᠪᠣᠯᠵᠤ᠂ ᠲᠥᠪ ᠲᠥᠪᠰᠢᠨ ᠡᠩᠬᠡ ᠠᠮᠤᠭᠤᠯᠠᠩ ᠪᠣᠯᠪᠠᠰᠤ ᠰᠠᠶ᠋ᠢ ᠮᠢᠨᠤᠪᠠᠶᠠᠰᠤᠯ ᠢᠷᠡᠨ᠎ᠡ᠂ ᠡᠷᠭᠢᠨ ᠲᠣᠭᠤᠷᠢᠨ ᠶᠣᠰᠣ ᠪᠣᠰᠤ ᠣᠯᠠᠨ ᠬᠠᠭᠠᠳ ᠪᠠᠶᠢᠨ᠎ᠠ᠂ ᠲᠡᠳᠡ ᠡᠷᠬᠡ ᠳᠤᠷ᠎ᠠ ᠪᠠᠷ ᠢᠶᠠᠨ ᠠᠭᠠᠰᠢᠯᠠᠨ᠂ ᠣᠯᠠᠨ ᠠᠮᠢᠲᠠᠨ ᠢ ᠶᠡᠭᠡᠵᠣᠪᠠᠭᠠᠵᠤᠮ᠃ ᠦᠷᠭᠦᠯᠵᠢ ᠪᠠᠶᠢᠯᠳᠤᠭᠠᠨ ᠡᠭᠦᠰᠭᠡᠵᠦ᠂ ᠬᠦᠮᠦᠨ ᠤ ᠦᠬᠦᠬᠦ ᠶᠢ ᠡᠯᠡᠰᠦ ᠬᠡᠶᠢᠰᠭᠡᠬᠦ ᠲᠠᠢ ᠠᠳᠠᠯᠢ ᠪᠣᠯᠵᠠᠢ᠃ ᠡᠶᠢᠮᠦ ᠠᠴᠠ ᠪᠢ ᠲᠡᠳᠡᠨ ᠢᠨᠣᠮᠣᠬᠠᠷᠠᠭᠤᠯᠵᠤ ᠳᠡᠯᠡᠬᠡᠢ ᠨᠡᠶᠢᠲᠡ ᠪᠠᠷ ᠡᠩᠬᠡ ᠲᠥᠪᠰᠢᠨ ᠪᠣᠯᠭᠠᠬᠤ ᠪᠣᠳᠣᠯ ᠲᠠᠢ ᠪᠠᠶᠢᠨ᠎ᠠ᠃ ᠡᠭᠦᠨ ᠢ ᠬᠢᠵᠦ ᠴᠢᠳᠠᠪᠠᠯ ᠳᠡᠭᠡᠳᠦ ᠲᠡᠭᠷᠢ ᠳᠤ ᠭᠠᠪᠢᠶ᠎ᠠ ᠲᠠᠢ᠃᠂ᠳᠣᠣᠷᠠᠳᠤ ᠬᠦᠮᠦᠨ ᠳᠤ ᠥᠷᠦᠰᠢᠶᠡᠯ ᠪᠣᠯᠬᠤ ᠪᠢᠯᠡ᠃           5. ᠬᠤᠣᠷᠲᠠᠨ ᠮᠠᠭᠤ ᠶᠢ ᠰᠠᠶᠢᠲᠤᠷ ᠵᠠᠰᠠᠵᠤ᠂ ᠬᠤᠲᠠᠯᠠ ᠤᠯᠤᠰ ᠢ ᠢᠮᠠᠭᠲᠠ ᠬᠠᠮᠠᠭᠠᠯᠠᠭᠲᠤᠨ᠃       
  ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ