ᠨᠠᠷᠠᠨ ᠬᠤᠸᠠᠷ ᠢᠶᠠᠷ ᠪᠣᠷᠳᠤᠭ᠎ᠠ ᠬᠢᠵᠦ ᠮᠠᠯ ᠲᠡᠵᠢᠭᠡᠪᠡᠯ ᠲᠠᠷᠭᠤ ᠨᠡᠮᠡᠭᠳᠡᠨ᠎ᠡ
  
2023/7/12
        ᠨᠠᠷᠠᠨ ᠬᠤᠸᠠᠷ ᠤᠨ ᠦᠷ᠎ᠡ ᠶᠢ ᠨᠢ ᠠᠪᠤᠭᠰᠠᠨ ᠴᠡᠴᠡᠭ ᠤᠨ ᠰᠠᠭᠤᠳᠠᠯ ᠨᠢ ᠲᠣᠶᠢᠯ ᠤᠨ ᠰᠠᠶᠢᠨ ᠮᠠᠯᠲᠡᠵᠢᠭᠡᠪᠦᠷᠢ ᠶᠢ ᠲᠡᠵᠢᠭᠡᠯ ᠪᠣᠷᠳᠤᠭ᠎ᠠ ᠪᠤᠯᠳᠠᠭ᠃ ᠨᠠᠷᠠᠨ ᠬᠤᠸᠠᠷ ᠤᠨ ᠴᠡᠴᠡᠭ ᠤᠨ ᠰᠠᠭᠤᠳᠠᠯ ᠳᠤ ᠪᠦᠳᠦᠭᠦᠯᠢᠭᠤᠭᠤᠷᠠᠭ ᠤᠨ ᠠᠭᠤᠯᠤᠭᠳᠠᠴᠠ 7% ~ 9%᠂ ᠪᠦᠳᠦᠭᠦᠯᠢᠭ ᠥᠭᠡᠬᠦ 6.5% ~ 10.5%᠂ ᠪᠦᠳᠦᠭᠦᠯᠢᠭᠰᠢᠷᠬᠡᠭᠯᠢᠭ 17.7%᠂ ᠠᠽᠣᠲ ᠦᠭᠡᠢ ᠨᠠᠪᠴᠢᠮᠡᠭᠡᠢ ᠪᠣᠳᠠᠰ 43.9%᠂ ᠵᠢᠮᠢᠰ ᠤᠨ ᠴᠠᠪᠠᠤ 2.4% ~3%᠂ ᠡᠭᠦᠨ ᠳᠤ ᠪᠦᠳᠦᠭᠦᠯᠢᠭ ᠤᠭᠤᠷᠠᠭ ᠬᠢᠭᠡᠳ ᠠᠽᠣᠲ ᠦᠭᠡᠢ ᠨᠠᠪᠴᠢᠮᠡᠭᠡᠢ ᠪᠣᠳᠠᠰ ᠤᠨ ᠠᠭᠤᠯᠤᠭᠳᠠᠴᠠ ᠨᠢᠠᠮᠤ ᠪᠤᠳᠠᠭ᠎ᠠ ᠳᠠᠬᠢ ᠠᠭᠤᠯᠤᠭᠳᠠᠴᠠ ᠲᠠᠢ ᠪᠠᠶᠢᠳᠠᠭ᠃        ᠨᠠᠷᠠᠨ ᠬᠤᠸᠠᠷ ᠤᠨ ᠴᠡᠴᠡᠭ ᠤᠨ ᠰᠠᠭᠤᠳᠠᠯ ᠢᠶᠠᠷ ᠬᠢᠭᠰᠡᠨ ᠲᠠᠯᠬ᠎ᠠ ᠪᠣᠷᠳᠤᠭ᠎ᠠ ᠶᠢ ᠵᠠᠭᠤᠨ ᠺᠢᠯᠣᠭ᠍ᠷᠠᠮᠪᠦᠷᠢ ᠶᠢ ᠰᠢᠮ᠎ᠡ ᠲᠡᠵᠢᠭᠡᠯ ᠤᠨ  ᠦᠷᠳᠡᠭ ᠨᠢ 60 ~ 66 ᠺᠢᠯᠣᠭ᠍ᠷᠠᠮ ᠡᠷᠳᠡᠨᠢ ᠰᠢᠰᠢ ᠪᠤᠶᠤ 70 ~ 80ᠺᠢᠯᠣᠭ᠍ᠷᠠᠮ ᠠᠷᠪᠠᠢ ᠵᠡᠷᠭᠡ ᠨᠠᠷᠢᠯᠢᠭ ᠪᠣᠷᠳᠤᠭ᠎ᠠ ᠶᠢ ᠰᠢᠮ᠎ᠡ ᠲᠡᠵᠢᠭᠡᠯ ᠤᠨ ᠦᠷᠳᠡᠭ ᠲᠠᠢ ᠠᠳᠠᠯᠢᠬᠠᠨ᠃ ᠨᠠᠷᠠᠨᠬᠤᠸᠠᠷ ᠤᠨ ᠴᠡᠴᠡᠭ ᠤᠨ ᠰᠠᠭᠤᠳᠠᠯ ᠢ ᠪᠠᠰᠠ ᠨᠣᠭᠤᠭᠠᠨ ᠢᠶᠠᠷ ᠳᠠᠷᠤᠰᠢᠭᠤᠯᠵᠤ ᠪᠣᠯᠣᠨ᠎ᠠ᠂ ᠨᠣᠭᠤᠭᠠᠨ ᠢᠶᠠᠷᠳᠠᠷᠤᠰᠢᠭᠤᠯᠤᠭᠰᠠᠨ ᠨᠠᠷᠠᠨ ᠬᠤᠸᠠᠷ ᠤᠨ ᠴᠡᠴᠡᠭ ᠤᠨ ᠰᠠᠭᠤᠳᠠᠯ ᠨᠢ ᠲᠣᠶᠢᠯ ᠤᠨ ᠰᠠᠶᠢᠬᠠᠨ ᠦᠨᠦᠷ ᠲᠠᠢ᠂ ᠮᠠᠯᠲᠡᠵᠢᠭᠡᠪᠦᠷᠢ ᠳᠤᠩ ᠢᠳᠡᠬᠦ ᠳᠤᠷᠠᠲᠠᠢ  ᠪᠠᠶᠢᠳᠠᠭ᠃ ᠨᠠᠷᠠᠨ ᠬᠤᠸᠠᠷ ᠤᠨ ᠴᠡᠴᠡᠭ ᠤᠨ ᠰᠠᠭᠤᠳᠠᠯ ᠳᠤ ᠶᠡᠭᠡᠬᠡᠮᠵᠢᠶᠡᠨ ᠤ ᠺᠠᠯᠼᠠᠯᠢᠬ ᠪᠣᠳᠠᠰ ᠪᠣᠯᠣᠨ ᠨᠡᠯᠢᠶᠡᠳ ᠠᠷᠪᠢᠨ ᠵᠢᠮᠢᠰ ᠤᠨ ᠰᠢᠬᠢᠷ ᠠᠭᠤᠯᠤᠭᠳᠠᠬᠤ ᠪᠣᠯᠬᠤᠷ᠂ ᠲᠥᠯᠮᠠᠯ ᠪᠣᠯᠣᠨ ᠭᠡᠭᠡᠯ ᠲᠠᠢ ᠡᠬᠡ ᠮᠠᠯ ᠢ ᠲᠡᠵᠢᠭᠡᠬᠦ ᠳᠤ ᠶᠡᠭᠡ ᠲᠣᠬᠢᠷᠠᠮᠵᠢᠲᠠᠢ᠃ ᠬᠡᠷᠪᠡ ᠨᠠᠷᠠᠨ ᠬᠤᠸᠠᠷ ᠤᠨ ᠴᠡᠴᠡᠭ ᠤᠨᠰᠠᠭᠤᠳᠠᠯ ᠢᠶᠠᠷ ᠭᠠᠭ᠋ᠠᠢ ᠲᠡᠵᠢᠭᠡᠪᠡᠯ ᠭᠠᠭ᠋ᠠᠢ ᠲᠠᠷᠭᠤᠯᠠᠬᠤ ᠨᠢ ᠬᠤᠷᠳᠤᠨ ᠪᠥᠭᠡᠳ ᠪᠣᠷᠳᠣᠭᠠᠨ ᠠᠮᠤ ᠶᠢ ᠠᠷᠪᠢᠯᠠᠨ᠂ᠭᠠᠭ᠋ᠠᠢ ᠲᠡᠵᠢᠭᠡᠬᠦ ᠥᠪᠡᠷ ᠤᠨ ᠦᠷᠳᠡᠭ ᠢ ᠪᠠᠭᠠᠰᠬᠠᠵᠤ ᠠᠰᠢᠭ ᠨᠢ ᠶᠡᠭᠡ ᠪᠠᠶᠢᠳᠠᠭ᠃          
  ᠡᠵᠡᠨ᠎ᠠ ᠬᠤᠰᠢᠭᠤᠨ ᠤ ᠠᠷᠡᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠠ