ᠡᠯᠢᠭᠡᠨ ᠵᠠᠰᠠᠯᠭ᠎ᠠ
  
2023/6/30
        1. ᠡᠯᠢᠭᠡᠨ ᠲᠠᠮᠢᠷ ᠮᠠᠭᠤᠳᠠᠭᠰᠠᠨ ᠳᠤ ᠬᠤᠨᠢᠨ ᠤ ᠱᠦᠷᠬᠡᠢ ᠡᠯᠢᠭᠡ ᠤᠨᠴᠠ ᠲᠤᠰᠠᠳᠠᠢ᠃ ᠶᠠᠮᠠᠷᠪᠠ ᠬᠦᠮᠤᠨ ᠡᠯᠢᠭᠡᠨ ᠡᠪᠡᠳᠴᠢᠨ ᠳᠤ ᠨᠡᠷᠪᠡᠭᠳᠡᠪᠡᠯ ᠪᠡᠶ᠎ᠡ ᠶᠠᠳᠠᠷᠠᠵᠤ ᠲᠦᠢᠯᠳᠠᠬᠤ᠂ ᠬᠤᠭᠤᠯᠠ ᠤᠮᠳᠠᠭᠠᠨ ᠳᠤ ᠲᠤᠷᠠᠰᠢᠶᠠᠬᠤ ᠦᠭᠡᠢ ᠪᠤᠯᠬᠤ ᠪᠠ ᠤᠷᠮ᠎ᠠ ᠵᠤᠷᠢᠭ ᠠᠯᠳᠠᠭᠳᠠᠳᠠᠭ᠃ ᠡᠨᠡ ᠦᠶ᠎ᠡ ᠠᠴᠠ ᠡᠬᠢᠯᠡᠨ ᠬᠤᠨᠢᠨ ᠤ ᠱᠦᠷᠬᠡᠢᠡᠯᠢᠭᠡ ᠪᠠᠶᠢᠩᠭᠤ ᠢᠳᠡᠪᠡᠯ ᠴᠢᠰᠤ ᠶᠢ ᠲᠦᠯᠵᠢᠬᠦᠯᠵᠤ᠂ ᠪᠡᠶ᠎ᠡ ᠶᠢ ᠲᠠᠮᠢᠷᠵᠢᠭᠤᠯᠤᠨ᠂ ᠡᠯᠢᠭᠡᠨ ᠬᠡᠢ ᠪᠠᠷ ᠨᠢᠳᠤᠪᠦᠷᠤᠯᠵᠡᠬᠦ ᠶᠢ ᠵᠤᠭᠰᠤᠭᠠᠨ ᠡᠯᠢᠭᠡᠨ ᠦᠷᠪᠢᠰᠤᠯ ᠢ ᠰᠡᠷᠭᠡᠶᠢᠯᠡᠬᠦ ᠤᠶᠢᠯᠡᠳᠤᠯ ᠲᠠᠢ ᠪᠠᠶᠢᠳᠠᠭ᠃         2. ᠠᠯᠢᠪᠠ ᠡᠯᠢᠭᠡᠨ ᠤ ᠡᠪᠡᠳᠴᠢᠨ ᠭᠡᠮ ᠢ ᠵᠠᠰᠠᠵᠤ ᠡᠳᠡᠭᠡᠷᠡᠬᠦᠯᠬᠦ ᠳᠤ ᠡᠷᠡᠬᠡᠢ ᠬᠤᠷᠤᠭᠤ ᠪᠠᠨᠰᠢᠪᠳᠤᠷᠠᠬᠤ ᠨᠢ ᠲᠤᠰᠠᠳᠠᠢ᠃ ᠡᠯᠢᠭᠡᠨ ᠤ ᠭᠡᠮ ᠠᠷᠬᠠᠭ ᠲᠠᠢ ᠬᠦᠮᠤᠨ ᠦᠷᠯᠤᠭᠡ ᠪᠦᠷᠢ ᠪᠤᠰᠬᠤ ᠠᠴᠠ ᠪᠠᠨ ᠡᠮᠤᠨ᠎ᠡᠲᠡᠭᠡᠭᠰᠢ ᠬᠠᠷᠠᠵᠤ ᠬᠡᠪᠳᠡᠭᠰᠡᠨ ᠤ ᠲᠠᠷᠠᠭ᠎ᠠ᠂ ᠬᠤᠶᠠᠷ ᠭᠠᠷ ᠤᠨ ᠡᠷᠡᠬᠡᠢ ᠬᠤᠷᠤᠭᠤ ᠪᠠᠨ ᠤᠭ ᠠᠴᠠ ᠨᠢᠦᠵᠤᠬᠦᠷ ᠲᠤᠨᠢ ᠲᠤᠯᠳᠠᠯ᠎ᠠ ᠲᠤᠰ ᠪᠦᠷᠢ 100 ᠤᠳᠠᠭ᠎ᠠ ᠰᠢᠪᠳᠤᠷᠠᠬᠤ ᠶᠢ ᠦᠷᠬᠦᠯᠵᠢ ᠪᠠᠷᠢᠮᠳᠠᠯᠠᠪᠠᠯ ᠡᠯᠢᠭᠡᠨ ᠤᠡᠪᠡᠳᠴᠢᠨ ᠠᠷᠬᠠᠭ ᠢ ᠡᠳᠡᠭᠡᠷᠡᠬᠦᠯᠵᠤ ᠰᠡᠷᠭᠡᠶᠢᠯᠡᠬᠦ ᠳᠤ ᠤᠨᠴᠠ ᠲᠤᠰᠠᠳᠠᠢ᠃         3. ᠡᠯᠢᠭᠡᠨ ᠡᠪᠡᠳᠴᠢᠨ ᠳᠤ ᠴᠠᠭᠠᠨ ᠢᠮᠠᠭᠠᠨ ᠰᠦ ᠪᠤᠯᠤᠨ ᠭᠡᠬᠦᠨ ᠤ ᠰᠦ ᠲᠤᠰᠠᠳᠠᠢ᠃ ᠠᠷᠬᠠᠭᠯᠠᠭᠰᠠᠨ ᠡᠯᠢᠭᠡᠨ ᠡᠪᠡᠳᠴᠢᠨ ᠳᠤ ᠴᠠᠭᠠᠨ ᠢᠮᠠᠭᠠᠨ ᠤ ᠰᠦ ᠪᠤᠯᠤᠨ ᠭᠡᠬᠦᠨ ᠤ ᠰᠦ ᠶᠢ ᠰᠠᠭᠠᠮᠠᠭᠴᠠ ᠬᠠᠯᠠᠭᠤᠨᠪᠦᠯᠢᠶᠡᠨ ᠢᠶᠠᠷ ᠨᠢ ᠲᠤᠯᠤᠭᠠᠨ ᠬᠤᠨᠤᠭ ᠤᠤᠭᠤᠪᠠᠯ ᠲᠤᠰᠠᠳᠠᠢ ᠪᠦᠭᠡᠳ ᠡᠪᠡᠳᠴᠢᠨ ᠤ ᠪᠠᠨ ᠬᠦᠨᠳᠤ ᠬᠦᠩᠭᠡᠨᠪᠠᠶᠢᠳᠠᠯ ᠢᠶᠠᠨ ᠦᠵᠡᠵᠤ᠂ 1-3 ᠲᠤᠯᠤᠭᠠᠨ ᠬᠤᠨᠤᠭ ᠤᠤᠭᠤᠵᠤ ᠪᠦᠷ ᠪᠤᠯᠳᠠᠭ᠃      
  ᠡᠵᠡᠨ᠎ᠠ ᠬᠤᠰᠢᠭᠤᠨ ᠤ ᠠᠷᠡᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠠ