ᠰᠤᠷᠤᠭᠴᠢᠳ ᠢᠶᠠᠷ ᠢᠶᠠᠨ ᠪᠠᠭ᠋ᠠᠷᠬᠠᠰᠤᠭᠠᠢ
  
2023/6/29
       ᠬᠠᠶᠢᠷ᠎ᠠ ᠪᠠᠭ᠋ᠠᠷᠬᠠᠯ ᠭᠡᠭᠴᠢ ᠨᠢᠭᠡ ᠬᠦᠮᠦᠨ ᠤ ᠤᠷᠤᠬᠰᠢ ᠲᠠᠪᠰᠢᠬᠤ ᠬᠦᠴᠦᠨ ᠮᠦᠨ᠂ ᠬᠡᠤᠬᠡᠳ ᠲᠤ ᠠᠪᠴᠤᠬᠡᠯᠡᠪᠡᠯ ᠨᠡᠩ ᠴᠤ ᠡᠶᠢᠮᠦ᠃ ᠡᠶᠢᠮᠦ ᠠᠴᠠ ᠰᠤᠷᠤᠭᠴᠢ ᠬᠡᠦᠬᠡᠳ ᠢᠶᠠᠨ ᠦᠨᠡᠨ ᠰᠡᠳᠬᠢᠯ ᠠᠴᠠ ᠪᠠᠨ ᠬᠠᠶᠢᠷᠠᠯᠠᠨᠪᠠᠭ᠋ᠠᠷᠬᠠᠬᠤ ᠪᠣᠯ ᠬᠡᠦᠬᠡᠳ ᠤᠨ ᠡᠷᠡᠭᠦᠯ ᠰᠠᠷᠠᠭᠤᠯ ᠦᠰᠦᠨ ᠪᠤᠶᠢᠵᠢᠯᠳᠠ ᠳᠤ ᠵᠠᠩᠭᠢᠯᠠᠭ᠎ᠠ ᠶᠢᠨ ᠦᠢᠯᠡᠳᠦᠯᠦᠵᠡᠭᠦᠯᠳᠡᠭ ᠲᠡᠳᠦᠢ ᠦᠭᠡᠢ᠂ ᠠᠩᠭᠢ ᠶᠢᠨ ᠡᠷᠬᠢᠯᠡᠭᠴᠢ ᠪᠣᠯᠣᠭᠰᠠᠳ ᠤᠨ ᠵᠠᠪᠠᠯ ᠠᠩᠬᠠᠷᠴᠤ ᠰᠤᠷᠤᠯᠴᠠᠭᠤᠰᠢᠳᠠᠢᠬᠢᠴᠢᠶᠡᠯ ᠪᠤᠯᠪᠠᠰᠤᠷᠠᠯ ᠶᠤᠮ᠃          ᠰᠤᠷᠭᠠᠭᠤᠯᠢ ᠳᠤ ᠠᠩᠭᠢ ᠶᠢᠨ ᠡᠷᠬᠢᠯᠡᠭᠴᠢ ᠪᠤᠯ ᠬᠡᠦᠬᠡᠳ ᠤᠨ ᠠᠪᠢᠶᠠᠰ ᠠᠷᠠᠨᠰᠢᠨ᠂ ᠲᠤᠳᠠᠭᠳᠠᠯᠲᠠᠪᠠᠭᠤᠯᠢᠭ ᠢ ᠰᠡᠷᠡᠵᠦ ᠮᠡᠳᠡᠬᠦ ᠬᠠᠮᠤᠭ ᠤᠨ ᠳᠣᠲᠣᠨᠣ ᠶᠢᠨ ᠬᠥᠮᠥᠨ ᠪᠤᠯᠤᠨ᠎ᠠ᠃ ᠶᠠᠭ ᠡᠶᠢᠮᠦ ᠠᠴᠠ 《ᠤᠨᠳᠠᠬᠰᠠᠨ ᠢ ᠨᠢ ᠰᠡᠷᠢᠭᠡᠵᠦ ᠤᠮᠠᠷᠳᠠᠬᠰᠠᠨ ᠢ ᠨᠢ ᠰᠠᠨᠠᠭᠤᠯᠬᠤ》 ᠪᠤᠯ ᠠᠩᠬᠢ ᠶᠢᠨ ᠡᠷᠬᠢᠯᠡᠭᠴᠢ ᠶᠢᠨ ᠬᠢᠪᠡᠰᠦᠵᠤᠬᠢᠬᠤ ᠵᠦᠢᠯ᠃ ᠭᠡᠪᠡᠴᠦ ᠤᠳᠤᠬᠠᠨ ᠳᠤ ᠣᠯᠠᠩᠬᠢ ᠠᠩᠭᠢ ᠶᠢᠨ ᠡᠷᠬᠢᠯᠡᠭᠴᠢ ᠶᠢᠨ ᠪᠠᠶᠢᠩᠭᠤ ᠭᠠᠷᠭᠠᠳᠠᠭ ᠲᠦᠭᠡᠮᠡᠯᠠᠯᠳᠠᠭ᠎ᠠ ᠪᠣᠯ ᠬᠡᠦᠬᠡᠳ ᠠᠯᠢᠶᠠᠷᠬᠠᠬᠤ ᠦᠶᠡᠰ ᠲᠤ ᠲᠡᠩᠳᠡᠭᠦᠦ ᠵᠢᠮᠡᠯᠡᠵᠦ ᠨᠤᠮᠤᠬᠠᠨ ᠪᠠᠶᠢᠯᠭᠠᠬᠤ ᠶᠢ ᠯᠠᠤᠷᠤᠯᠳᠤᠳᠠᠭ ᠪᠤᠶᠤ ᠬᠡᠦᠬᠡᠳ ᠤᠨ ᠡᠷᠬᠡ ᠴᠢᠯᠦᠭᠡ ᠶᠢ ᠬᠡᠲᠦ ᠬᠢᠵᠠᠭᠠᠷᠯᠠᠬᠤ ᠪᠤᠳᠤᠯ ᠬᠢᠳᠡᠯ ᠪᠤᠯᠤᠨ᠎ᠠ᠃ ᠡᠨᠡ ᠨᠢᠬᠡᠦᠬᠡᠳ ᠤᠨ ᠥᠪᠡᠷᠮᠢᠴᠡ ᠪᠤᠳᠤᠯ ᠰᠡᠳᠬᠢᠬᠦᠢ ᠶᠢᠨ ᠬᠦᠭᠵᠢᠯᠳᠡ ᠳᠤ ᠮᠠᠭᠤ ᠨᠥᠯᠥᠭᠡ ᠠᠪᠴᠢᠷᠠᠳᠠᠭ᠃ ᠪᠠᠰᠠᠵᠠᠷᠢᠮ ᠠᠩᠭᠢ ᠶᠢᠨ ᠡᠷᠬᠢᠯᠡᠭᠴᠢ ᠪᠠᠭᠰᠢ ᠨᠠᠷ ᠰᠤᠷᠤᠭᠴᠢᠳ ᠢᠶᠠᠨ ᠬᠤᠭᠤᠷᠣᠨᠳᠤ ᠨᠢ ᠠᠳᠠᠯᠢᠳᠬᠠᠵᠤ᠂ 《ᠴᠢ ᠬᠡᠨᠬᠡᠨ ᠢ ᠦᠵᠡ᠂ ᠬᠦᠮᠦᠨ ᠬᠡᠳᠦᠢ ᠰᠢᠯᠢᠳᠡᠭ ᠪᠤᠢ︖》 ᠭᠡᠬᠦ ᠮᠡᠲᠦ ᠪᠠᠷ ᠬᠡᠯᠡᠬᠦ ᠨᠢ ᠬᠡᠦᠬᠡᠳ ᠤᠨ ᠨᠢᠯᠬᠠᠰᠠᠭ ᠪᠤᠳᠤᠯ ᠰᠡᠳᠭᠢᠯ ᠳᠤ ᠳᠠᠭᠠᠷᠢᠯᠲᠠ ᠴᠤᠬᠢᠯᠳᠠ ᠪᠤᠯᠵᠤ ᠮᠡᠳᠡᠨ᠎ᠡ᠃ ᠡᠨᠡ ᠦᠶᠡᠰ ᠬᠡᠦᠬᠡᠳ ᠤᠨ ᠰᠡᠳᠬᠢᠯ ᠳᠤ ᠪᠠᠭᠰᠢᠮᠢᠨᠢ ᠨᠠᠮᠠᠢᠢ ᠲᠣᠭᠤᠬᠤ ᠦᠭᠡᠢ᠂ ᠪᠠᠭ᠋ᠠᠷᠬᠠᠬᠤ ᠦᠭᠡᠢ ᠪᠠᠶᠢᠨ᠎ᠠ ᠭᠡᠰᠡᠨ ᠲᠥᠷᠥᠭᠳᠡᠯ ᠣᠷᠣᠵᠤ᠂ ᠢᠩᠭᠢᠵᠦ ᠬᠡᠯᠡᠭᠰᠡᠨᠪᠠᠭᠰᠢ ᠳᠠᠭᠠᠨ ᠭᠤᠮᠣᠳᠠᠬᠤ᠂ ᠪᠠᠭᠰᠢ ᠠᠴᠠ ᠪᠠᠨ ᠵᠠᠶᠢᠳᠠᠬᠤ᠂ ᠴᠢᠨᠠᠭᠰᠢᠯᠠᠪᠠᠯ ᠰᠤᠷᠭᠠᠭᠤᠯᠢ ᠶᠢᠨ ᠠᠮᠢᠳᠤᠷᠠᠯ ᠠᠴᠠᠠᠭᠠᠵᠢᠮ ᠢᠶᠠᠷ ᠳᠤᠷ᠎ᠠ ᠦᠭᠡᠶᠢᠴᠡᠬᠦ ᠰᠡᠳᠬᠢᠯ ᠲᠥᠷᠥᠵᠦ ᠮᠡᠳᠡᠨ᠎ᠡ᠃ ᠡᠨᠡ ᠲᠤᠬᠠᠢ ᠨᠢᠭᠡ ᠵᠢᠱᠢᠶ᠎ᠠ ᠶᠠᠷᠢᠶ᠎ᠠ᠃ ᠠ᠊ᠪᠣᠯ ᠮᠢᠨᠤ ᠥᠩᠭᠡᠷᠡᠭᠰᠡᠨ ᠤ ᠲᠡᠭᠦᠰᠬᠡᠭᠰᠡᠨ ᠰᠤᠷᠤᠭᠴᠢ᠃ ᠮᠢᠨᠦ ᠴᠡᠭᠡᠵᠢᠯᠡᠵᠦ ᠪᠠᠶᠢᠬᠤ ᠪᠠᠷ ᠲᠡᠭᠦᠨ ᠤ ᠲᠣᠭᠠᠨ ᠤᠤᠬᠠᠭᠠᠨ ᠤ ᠬᠢᠷᠢ ᠪᠦᠳᠤᠮᠵᠢ ᠨᠢ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠬᠦᠷᠳᠡᠯ᠎ᠡ ᠠᠨᠠᠶᠢᠬᠠᠨ ᠪᠠᠶᠢᠵᠠᠢ᠃ᠭᠡᠪᠡᠴᠦ ᠳᠥᠷᠪᠡᠳᠦᠭᠡᠷ ᠤᠨ ᠠᠴᠠ ᠡᠬᠢᠯᠡᠵᠦ ᠲᠡᠭᠦᠨ ᠤ ᠲᠤᠭᠠᠨ ᠤ ᠤᠬᠠᠭᠠᠨ ᠤ ᠬᠢᠷᠢ ᠪᠦᠳᠦᠮᠵᠢ ᠨᠢ ᠭᠡᠨᠡᠳᠲᠡ ᠪᠠᠷᠠᠩᠭᠢ ᠳᠤ ᠣᠷᠦ᠋ᠢᠯᠠᠬᠤ ᠪᠣᠯᠪᠠ᠃ ᠰᠡᠭᠦᠯᠡᠷ ᠨᠢ ᠪᠢ ᠡᠨᠡ ᠬᠤᠪᠢᠷᠠᠯᠲᠠ ᠲᠠᠪᠰᠢᠯᠳᠠ ᠶᠢᠨ ᠬᠢᠨᠢ ᠲᠤᠬᠠᠢ ᠯᠠᠪᠯᠠᠪᠠᠯᠲᠡᠷᠡ᠄ 《ᠪᠢ ᠲᠤᠭ᠎ᠠ ᠪᠤᠳᠤᠬᠤ ᠳᠠᠭᠠᠨ ᠤᠳᠠᠭᠠᠯᠢᠭ ᠪᠣᠯᠬᠤᠷ ᠬᠢᠴᠢᠶᠡᠯ ᠳᠡᠭᠡᠷ᠎ᠡ ᠲᠤᠭ᠎ᠠ ᠪᠣᠳᠣᠭᠤᠯᠪᠠᠯ ᠬᠡᠵᠢᠶᠡᠳᠡᠪᠤᠰᠤᠳ ᠠᠴᠠ ᠬᠤᠴᠤᠷᠳᠠᠭ᠃       ᠡᠨᠡ ᠦᠶᠡᠰ ᠤᠤᠯ ᠤᠨ ᠲᠣᠭᠠᠨ ᠤ ᠪᠠᠭᠰᠢ ᠳᠡᠷᠭᠡᠳᠡ ᠢᠷᠡᠪᠡᠯ  ᠡᠭᠦᠨ ᠢ ᠪᠠᠰᠠᠴᠢᠳᠠᠬᠤ ᠦᠭᠡᠢ ᠤᠤ︖ ᠰᠠᠶ᠋ᠢ ᠬᠢᠴᠢᠶᠡᠯ ᠲᠡᠭᠡᠷ᠎ᠡ ᠶᠠᠭᠤ ᠬᠢᠵᠦ ᠪᠠᠶᠢᠭᠰᠠᠨ ᠶᠤᠮ︖       ᠭᠡᠮᠡᠨ ᠵᠠᠩᠨᠠᠭᠠᠳᠶᠠᠪᠤᠳᠠᠭ ᠪᠣᠯᠬᠤᠷ ᠪᠢ ᠨᠢᠭᠡᠮᠦᠰᠦᠨ ᠵᠤᠷᠢᠭ ᠠᠯᠳᠠᠷᠠᠵᠤ᠂ ᠲᠤᠭᠠᠨ ᠤ ᠤᠬᠠᠭᠠᠨ ᠤ ᠬᠢᠴᠢᠶᠡᠯ ᠤᠷᠤᠬᠤ ᠠᠴᠠᠬᠠᠯᠠᠰᠢᠷᠠᠬᠤ ᠪᠤᠯᠵᠠᠢ᠃ ᠬᠠᠷᠢᠨ ᠳᠥᠷᠪᠡᠳᠦᠭᠡᠷ ᠤᠨ ᠠᠴᠠ ᠲᠣᠭᠠᠨ ᠤ ᠤᠬᠠᠭᠠᠨ ᠤ ᠪᠠᠭᠰᠢ ᠰᠣᠯᠢᠭᠳᠠᠵᠤ᠂ ᠰᠢᠨ᠎ᠡᠪᠠᠭᠰᠢ ᠮᠢᠨᠢ ᠬᠡᠵᠢᠶᠡᠳᠡ ᠨᠠᠮᠠᠢᠢ ᠪᠣᠯᠵᠤ ᠪᠠᠶᠢᠨ᠎ᠠ᠂ ᠲᠠᠭᠠᠷᠠᠵᠤ ᠪᠠᠶᠢᠨ᠎ᠠ ᠭᠡᠵᠦ ᠵᠣᠷᠢᠭᠵᠢᠭᠤᠯᠳᠠᠭ ᠪᠣᠯᠬᠤᠷ ᠪᠢᠪᠠᠭᠰᠢ ᠪᠠᠨ ᠬᠥᠰᠡᠷᠳᠡᠭᠦᠯᠬᠦ ᠦᠭᠡᠢ ᠶᠢᠨ ᠲᠤᠯᠠᠳᠠ ᠤᠯᠠᠮ ᠢᠯᠡᠭᠦᠦ ᠴᠢᠷᠮᠠᠶᠢᠬᠤ ᠪᠤᠯᠤᠬᠰᠠᠨ》 ᠬᠡᠵᠦ ᠪᠠᠶᠢᠪᠠ᠃ᠬᠠᠶᠢᠷ᠎ᠠ ᠪᠠᠭ᠋ᠠᠷᠬᠠᠯ ᠠᠴᠠ ᠤᠷᠤᠭᠰᠢᠯᠠᠬᠤ ᠬᠦᠴᠦᠨ ᠤᠨᠳᠤᠷᠳᠠᠭ ᠭᠡᠭᠴᠢ ᠡᠨᠡ ᠪᠤᠶᠤ᠃        ᠬᠡᠦᠬᠡᠳ ᠭᠡᠭᠴᠢ ᠰᠣᠶᠣᠭᠠᠯᠠᠵᠤ ᠪᠠᠶᠢᠭ᠎ᠠ ᠨᠠᠬᠢᠶ᠎ᠠ ᠰᠢᠭ᠂ ᠵᠠᠪᠠᠯ ᠠᠯᠭᠤᠷ ᠠᠭᠠᠵᠢᠮ ᠢᠶᠠᠷ ᠤᠰᠤᠯᠠᠵᠤᠠᠷᠠᠴᠢᠯᠠᠬᠤ ᠬᠡᠷᠡᠭᠲᠡᠢ᠃ ᠶᠠᠭᠠᠷᠠᠵᠤ ᠰᠠᠨᠳᠤᠷᠤᠨ ᠨᠢᠭᠡ ᠯᠡ ᠳᠡᠭᠡᠷ᠎ᠡ ᠭᠡᠳᠤᠷᠡᠳᠡᠯ᠎ᠡ ᠤᠰᠤᠯᠠᠬᠤ ᠪᠤᠶᠤ ᠳᠡᠩᠳᠡᠭᠦᠦᠠᠷᠠᠴᠢᠯᠠᠪᠠᠯ ᠬᠡᠦᠬᠡᠳ ᠤᠨ ᠦᠰᠦᠨ ᠪᠤᠶᠢᠵᠢᠯᠳᠠ ᠶᠢᠨ ᠡᠶ᠎ᠡ ᠵᠣᠬᠢᠶᠠᠯ ᠢ ᠨᠥᠯᠥᠭᠡᠯᠡᠵᠦ᠂ ᠵᠠᠷᠢᠮ ᠦᠶᠡᠰ ᠭᠡᠳᠡᠷᠬᠦᠦᠢᠯᠡᠳᠦᠯ ᠦᠵᠡᠭᠦᠯᠵᠦ ᠮᠠᠭᠠᠳ᠃ ᠰᠤᠷᠤᠯᠭ᠎ᠠ ᠬᠢᠴᠢᠶᠡᠯ ᠤᠨ ᠬᠤᠪᠢ ᠳᠤ ᠬᠡᠦᠬᠡᠳ ᠪᠦᠬᠦᠨ ᠲᠡᠷᠢᠭᠦᠨ ᠢ ᠣᠯᠬᠤᠪᠣᠯᠣᠮᠵᠢ ᠪᠠᠶᠢᠳᠠᠭ ᠦᠭᠡᠢ᠂ ᠭᠡᠪᠡᠴᠦ ᠬᠡᠦᠬᠡᠳ ᠤᠳ ᠥᠪᠡᠷᠰᠡᠳ ᠤᠨ ᠢᠶᠠᠨ ᠠᠪᠢᠶᠠᠰ ᠴᠢᠳᠠᠪᠤᠷᠢ ᠪᠠᠨᠪᠠᠳᠠᠷᠠᠭᠤᠯᠤᠨ ᠬᠠᠮᠤᠭ ᠰᠠᠶᠢᠨ ᠬᠢᠷᠢ ᠪᠦᠳᠦᠮᠵᠢ ᠪᠠᠨ ᠭᠠᠷᠭᠠᠬᠤ ᠪᠣᠯᠣᠮᠵᠢ ᠪᠠᠶᠢᠳᠠᠭ᠃ ᠲᠡᠶᠢᠮᠤ ᠠᠴᠠᠤᠷᠮᠠᠰᠢᠭᠤᠯᠤᠯ ᠵᠣᠷᠢᠭᠵᠢᠭᠤᠯᠤᠯ ᠪᠣᠯ ᠠᠩᠭᠢ ᠶᠢᠨ ᠡᠷᠬᠢᠯᠡᠭᠴᠢ ᠪᠠᠭᠰᠢ ᠶᠢᠨ ᠡᠳᠦᠷ ᠲᠤᠵᠢ ᠰᠤᠷᠤᠭᠴᠢᠳ ᠲᠠᠭᠠᠨᠪᠡᠯᠡᠳᠬᠡᠬᠦ ᠵᠣᠬᠢᠰᠲᠠᠢ ᠪᠡᠯᠡᠭ᠃ ᠠᠩᠭᠢ ᠶᠢᠨ ᠡᠷᠬᠢᠯᠡᠭᠴᠢ ᠪᠣᠯᠣᠭᠰᠠᠳ ᠡᠷᠬᠡᠪᠰᠢ ᠠᠩᠭᠢ ᠶᠢᠨ ᠬᠡᠦᠬᠡᠳᠨᠢᠭᠡᠪᠦᠷᠢ ᠶᠢᠨ ᠢᠶᠠᠨ ᠵᠠᠩ ᠴᠢᠨᠠᠷ᠂ ᠠᠪᠢᠶᠠᠰ ᠰᠤᠨᠢᠷᠬᠠᠯ ᠢ ᠨᠠᠷᠢᠨ ᠨᠢᠮᠪᠠᠢ ᠣᠶᠢᠯᠠᠭᠠᠵᠤ᠂ ᠤᠨᠴᠠᠯᠢᠭ ᠲᠤᠨᠢᠴᠢᠭᠯᠡᠭᠦᠯᠦᠨ ᠦᠭᠡ ᠶᠠᠷᠢᠶ᠎ᠠ ᠦᠢᠯᠡ ᠠᠵᠢᠯᠯᠠᠭ᠎ᠠ ᠠᠴᠠ ᠪᠠᠨ ᠡᠬᠢᠯᠡᠨ ᠬᠡᠦᠬᠡᠳ ᠤᠳ ᠢᠶᠠᠷ ᠢᠶᠠᠨ ᠪᠠᠭ᠋ᠠᠷᠬᠠᠵᠤ ᠰᠤᠷᠬᠤᠬᠡᠷᠡᠭᠲᠡᠢ᠃ ᠢᠩᠭᠢᠮᠡᠨᠵᠢᠨ ᠰᠠᠶ᠋ᠢ ᠬᠠᠯᠠᠭᠤᠨ ᠳᠤᠯᠠᠭᠠᠨ᠂ ᠢᠳᠡᠪᠬᠢ ᠴᠣᠪᠣᠭᠤ ᠰᠤᠷᠤᠯᠴᠠᠬᠤ ᠣᠷᠴᠢᠨ ᠢ ᠡᠭᠦᠳᠴᠦ᠂ᠰᠤᠷᠤᠭᠴᠢ ᠨᠢᠭᠡᠪᠦᠷᠢ ᠪᠠᠨ ᠦᠭᠡᠳᠡᠷᠭᠡᠭ ᠪᠠᠶᠠᠰᠤᠩᠭᠤᠢ ᠬᠦᠮᠦᠵᠢᠭᠦᠯᠵᠦ ᠴᠢᠳᠠᠨ᠎ᠠ᠃                  
  ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ