ᠭᠤᠯᠢᠷ ᠤᠨ ᠬᠡᠷᠡᠭᠴᠡᠭᠡ
  
2023/6/28
      1. ᠦᠵᠦᠮ ᠤᠬᠢᠶᠠᠬᠤ ᠳᠤ᠂ ᠤᠰᠤᠨ ᠳᠤ ᠨᠢᠬᠡ ᠬᠠᠯᠪᠠᠭ᠎ᠠ ᠭᠤᠯᠢᠷ ᠬᠢᠭᠡᠳ ᠦᠵᠦᠮ ᠢᠶᠠᠨ ᠨᠠᠭᠠᠰᠢ ᠴᠠᠭᠠᠰᠢ ᠦᠩᠬᠦᠷᠢᠬᠦᠯᠤᠨ ᠭᠠᠷ ᠢᠶᠠᠷ ᠢᠶᠠᠨ ᠬᠦᠩᠭᠡᠭᠡᠨ ᠤᠬᠢᠶᠠᠵᠦ᠂ ᠲᠠᠬᠢᠨ ᠴᠡᠪᠡᠷ ᠤᠰᠤ ᠪᠠᠷ  ᠵᠠᠶᠢᠯᠪᠠᠯ ᠦᠵᠦᠮ ᠤᠨ ᠬᠠᠯᠢᠰᠦᠨ ᠲᠡᠭᠡᠷᠡᠬᠢ ᠪᠤᠵᠠᠷ ᠶᠠᠭᠤᠮ᠎ᠠ ᠠᠷᠢᠯᠴᠢᠬᠠᠨ᠎ᠠ᠃          2. ᠵᠢᠭᠠᠰᠦ ᠶᠢ ᠬᠠᠭᠠᠷᠢᠬᠤ ᠠᠴᠠ ᠡᠮᠦᠨ᠎ᠡ᠂ ᠪᠠᠭ᠎ᠠ ᠰᠠᠭ᠎ᠠ ᠴᠠᠭᠠᠨ ᠭᠤᠯᠢᠷ ᠰᠠᠴᠦᠴᠢᠬᠠᠭᠠᠳ ᠲᠤᠭᠤᠭᠠᠨ ᠳᠤ ᠬᠢᠪᠡᠯ ᠲᠤᠰᠤ ᠦᠰᠦᠷᠬᠦ ᠦᠬᠡᠢ ᠪᠦᠭᠡᠳ ᠵᠢᠭᠠᠰᠦᠨ ᠤ ᠬᠠᠯᠢᠰᠦ ᠰᠠᠯᠵᠦ ᠪᠤᠳᠠᠷᠠᠬᠤ ᠦᠬᠡᠢ ᠪᠤᠯᠤᠨ᠎ᠠ᠃         3. ᠬᠤᠭᠤᠯᠠ ᠬᠢᠬᠦ ᠦᠶ᠎ᠡ ᠳᠤ ᠭᠠᠷ ᠲᠡᠭᠡᠷ᠎ᠡ ᠲᠤᠰᠤ ᠨᠠᠭᠠᠯᠳᠤᠬᠰᠠᠨ ᠪᠠᠶᠢᠪᠠᠯ᠂ ᠪᠠᠭ᠎ᠠ ᠰᠠᠭ᠎ᠠ ᠭᠤᠯᠢᠷᠭᠠᠷᠭᠠᠵᠦ᠂ ᠬᠤᠶᠠᠷ ᠭᠠᠷ ᠢᠶᠠᠷ ᠢᠶᠠᠷ ᠴᠢᠮᠬᠢᠵᠦ ᠤᠰᠤᠨ ᠳᠤ ᠬᠢᠭᠡᠳ ᠭᠠᠷ ᠢᠶᠠᠨ ᠨᠤᠬᠤᠯᠠᠨ ᠤᠬᠢᠶᠠᠪᠠᠯ ᠮᠠᠰᠢ ᠴᠡᠪᠡᠷᠬᠡᠨ ᠤᠬᠢᠶᠠᠵᠦ ᠲᠡᠶᠢᠯᠬᠦ ᠪᠦᠭᠡᠳ ᠰᠢᠩᠭᠡᠭ ᠦᠨᠦᠷ ᠢ  ᠴᠤ ᠠᠷᠢᠯᠭᠠᠴᠢᠬᠠᠨ᠎ᠠ᠃          4. ᠲᠤᠰᠤ ᠲᠠᠢ ᠲᠤᠭᠤᠭ᠎ᠠ᠂ ᠫᠧᠩᠰᠠ ᠵᠡᠷᠭᠡ ᠭᠠᠯ ᠲᠤᠭᠤᠭᠠᠨ ᠤ ᠰᠠᠪᠠ ᠬᠡᠷᠡᠭᠰᠡᠯ ᠢ ᠤᠬᠢᠶᠠᠬᠤ ᠳᠠᠭᠠᠨᠤᠰᠤᠨ ᠲᠤᠳᠤᠷ᠎ᠠ ᠪᠠᠭ᠎ᠠ ᠬᠡᠮᠵᠢᠶᠡᠨ ᠤ ᠭᠤᠯᠢᠷ ᠬᠢᠪᠡᠯ ᠲᠤᠰᠤ ᠨᠢ ᠠᠮᠠᠷᠬᠠᠨ  ᠠᠷᠢᠯᠤᠨ᠎ᠠ᠃           5. ᠬᠠᠷ᠎ᠠ ᠲᠠᠯᠳᠠᠤ ᠶᠢ ᠤᠬᠢᠶᠠᠬᠤ ᠤᠰᠤᠨ ᠳᠤ ᠨᠢᠬᠡ ᠬᠠᠯᠪᠠᠭ᠎ᠠ ᠭᠤᠯᠢᠷ ᠬᠢᠭᠡᠳ ᠬᠤᠳᠬᠤᠬᠰᠠᠨ ᠤ ᠲᠠᠷᠠᠭ᠎ᠠ ᠠᠷᠪᠠᠨ ᠮᠢᠨᠦ᠋ᠲ ᠬᠢᠷᠢᠳᠡᠢ ᠲᠡᠪᠳᠦᠬᠡᠵᠦ᠂ ᠲᠠᠬᠢᠨ ᠤᠬᠢᠶᠠᠪᠠᠯ ᠭᠤᠯᠢᠷ ᠨᠢ ᠨᠠᠭᠠᠯᠳᠤᠩᠬᠠᠢ ᠴᠢᠨᠠᠷᠳᠠᠢ ᠪᠤᠯᠬᠤᠷᠲᠠᠯᠳᠠᠤ ᠶᠢ ᠭᠠᠳᠠᠷᠭᠤ ᠶᠢ ᠡᠯᠡᠰᠦ ᠰᠢᠪᠠᠷ ᠢ ᠠᠷᠢᠯᠭᠠᠵᠦ ᠲᠡᠶᠢᠯᠬᠦ ᠪᠦᠭᠡᠳ ᠲᠠᠬᠢᠨ ᠴᠡᠪᠡᠷ ᠤᠰᠤ ᠪᠠᠷ ᠵᠠᠶᠢᠯᠪᠠᠯ ᠪᠤᠯᠴᠢᠬᠠᠨ᠎ᠠ᠃          
  ᠤᠳᠤᠭ ᠬᠤᠰᠢᠭᠤᠨ ᠤ ᠠᠷᠠᠳ ᠤᠨ ᠵᠠᠰᠠᠭ ᠤᠨ ᠤᠷᠳᠣᠨ ᠤ ᠮᠤᠩᠭᠤᠯ ᠰᠦᠯᠵᠢᠶ᠎ᠡ