| | | | ᠰᠢᠨᠬᠤᠸᠠ ᠬᠤᠷᠢᠶ᠎ᠠ ᠶᠢᠨ ᠪᠡᠭᠡᠵᠢᠩ ᠤᠨ 5 ᠰᠠᠷ᠎ᠠ ᠶᠢᠨ 24 | ᠴᠠᠭᠢᠯᠭᠠᠨ ᠮᠡᠳᠡᠭᠡ | 5 ᠰᠠᠷ᠎ᠠ ᠶᠢᠨ 24 ᠤ ᠡᠳᠦᠷ᠂ ᠤᠯᠤᠰ ᠤᠨ ᠲᠡᠷᠢᠭᠦᠯᠡᠭᠴᠢ | ᠰᠢ ᠶᠢᠨᠫᠢᠩ ᠪᠣᠯᠣᠨ ᠡᠧᠷᠢᠲᠷᠧᠶᠠ ᠶᠢᠨ ᠶᠡᠷᠦᠩᠬᠡᠶᠢᠯᠡᠭᠴᠢ | ᠢᠰᠠᠶᠠᠰ ᠬᠠᠷᠢᠯᠴᠠᠨ ᠪᠠᠶᠠᠷ ᠤᠨ ᠴᠠᠭᠢᠯᠭᠠᠨ ᠴᠢᠮᠡᠭᠡ | ᠶᠠᠪᠤᠭᠤᠯᠵᠤ᠂ ᠬᠤᠶᠠᠷ ᠤᠯᠤᠰ ᠤᠨ ᠭᠠᠳᠠᠭᠠᠳᠤ ᠬᠠᠷᠢᠯᠴᠠᠭ᠎ᠠ | ᠪᠠᠶᠢᠭᠤᠯᠤᠭᠰᠠᠨ 30 ᠵᠢᠯ ᠤᠨ ᠤᠢ ᠶᠢ ᠪᠡᠯᠭᠡᠯᠡᠪᠡ ᠃ | ᠰᠢ ᠶᠢᠨ ᠫᠢᠩ᠂ ᠭᠠᠳᠠᠭᠠᠳᠤ ᠬᠠᠷᠢᠯᠴᠠᠭ᠎ᠠ ᠪᠠᠶᠢᠭᠤᠯᠤᠭᠰᠠᠨ | 30 ᠵᠢᠯ ᠤᠨ ᠲᠤᠷᠰᠢ᠂ ᠳᠤᠮᠳᠠᠳᠤ ᠡᠧᠷᠢᠲᠷᠧᠶᠠ ᠶᠢᠨ ᠭᠠᠳᠠᠭᠠᠳᠤ | ᠬᠠᠷᠢᠯᠴᠠᠭ᠎ᠠ ᠳᠡᠯᠡᠬᠡᠢ ᠶᠢᠨ ᠤᠷᠪᠠᠭᠠᠨ ᠬᠥᠷᠪᠡᠭᠡᠨ ᠢ | ᠥᠩᠭᠡᠷᠡᠭᠡᠵᠦ᠂ ᠬᠤᠶᠠᠷ ᠲᠠᠯ᠎ᠠ ᠪᠠᠷ ᠢᠶᠠᠨ ᠢᠮᠠᠭᠲᠠ ᠦᠨᠡᠨᠴᠢ | ᠨᠥᠭᠦᠷᠰᠡᠭ ᠪᠠᠶᠢᠵᠤ᠂ ᠭᠠᠷ ᠬᠤᠯᠪᠣᠨ ᠬᠠᠮᠲᠤ ᠪᠠᠷ | ᠤᠷᠤᠭᠰᠢᠯᠠᠵᠤ᠂ ᠲᠤᠰᠲᠤᠰ ᠤᠨ ᠭᠤᠣᠯᠯᠠᠭᠴᠢ ᠠᠰᠢᠭ ᠲᠤᠰᠠ ᠳᠤ | ᠬᠤᠯᠪᠣᠭᠳᠠᠭᠰᠠᠨ ᠪᠠ ᠠᠩᠬᠠᠷᠤᠯ ᠲᠠᠯᠪᠢᠵᠤ ᠪᠠᠶᠢᠭ᠎ᠠ ᠴᠢᠬᠤᠯᠠ | ᠶᠡᠭᠡ ᠠᠰᠠᠭᠤᠳᠠᠯ ᠤᠨ ᠲᠠᠯ᠎ᠠ ᠪᠠᠷ ᠬᠠᠷᠢᠯᠴᠠᠨ | ᠡᠷᠡᠰᠳᠡᠮᠵᠢᠭᠰᠡᠭᠡᠷ ᠢᠷᠡᠪᠡ ᠃ ᠲᠦᠷᠦᠭᠦᠬᠡᠨ᠂ | ᠶᠡᠷᠦᠩᠬᠡᠶᠢᠯᠡᠭᠴᠢ ᠢᠰᠠᠶᠠᠰ ᠳᠤᠮᠳᠠᠳᠤ ᠤᠯᠤᠰ ᠲᠤ | ᠠᠮᠵᠢᠯᠲᠠ ᠲᠠᠢ ᠪᠠᠷ ᠲᠦᠷᠦ ᠶᠢᠨ ᠶᠠᠪᠤᠳᠠᠯ ᠤᠨ | ᠠᠶᠢᠯᠴᠢᠯᠠᠯᠲᠠ ᠬᠢᠵᠦ᠂ ᠪᠢᠳᠡ ᠬᠤᠶᠠᠷ ᠤᠯᠤᠰ ᠤᠨ ᠬᠠᠷᠢᠯᠴᠠᠭ᠎ᠠ | ᠵᠢᠴᠢ ᠬᠠᠮᠲᠤ ᠪᠠᠷ ᠠᠩᠬᠠᠷᠴᠤ ᠪᠠᠶᠢᠭ᠎ᠠ ᠳᠡᠯᠡᠬᠡᠢ ᠶᠢᠨ ᠪᠠ | ᠭᠠᠵᠠᠷ ᠣᠷᠣᠨ ᠤ ᠠᠰᠠᠭᠤᠳᠠᠯ ᠤᠨ ᠲᠤᠬᠠᠢ ᠰᠠᠨᠠᠯ ᠢᠶᠠᠨ | ᠭᠦᠨᠵᠡᠭᠡᠢ ᠰᠣᠯᠢᠯᠴᠠᠵᠤ᠂ ᠮᠠᠰᠢ ᠤᠯᠠᠨ ᠴᠢᠬᠤᠯᠠ ᠬᠠᠮᠲᠤ ᠶᠢᠨ | ᠲᠠᠨᠢᠯᠲᠠ ᠲᠠᠢ ᠪᠣᠯᠵᠠᠢ ᠭᠡᠵᠦ ᠵᠢᠭᠠᠵᠤ ᠭᠠᠷᠭᠠᠪᠠ ᠃ | ᠰᠢ ᠶᠢᠨ ᠫᠢᠩ᠂ ᠪᠢ ᠳᠤᠮᠳᠠᠳᠤ ᠡᠧᠷᠢᠲᠷᠧᠶᠠ ᠶᠢᠨ | ᠬᠠᠷᠢᠯᠴᠠᠭ᠎ᠠ ᠶᠢᠨ ᠬᠥᠭᠵᠢᠯᠲᠡ ᠶᠢ ᠳᠡᠭᠡᠳᠦ ᠬᠡᠮᠵᠢᠶ᠎ᠡ ᠪᠠᠷ | ᠴᠢᠬᠤᠯᠠᠴᠢᠯᠠᠵᠤ ᠪᠠᠶᠢᠨ᠎ᠠ᠂ ᠳᠤᠷᠠᠲᠠᠶ᠎ᠠ ᠶᠡᠷᠦᠩᠬᠡᠶᠢᠯᠡᠭᠴᠢ | ᠢᠰᠠᠶᠠᠰ ᠲᠠᠢ ᠬᠠᠮᠲᠤ ᠪᠠᠷ ᠴᠢᠷᠮᠠᠶᠢᠵᠤ᠂ ᠬᠤᠶᠠᠷ ᠤᠯᠤᠰ ᠤᠨ | ᠭᠠᠳᠠᠭᠠᠳᠤ ᠬᠠᠷᠢᠯᠴᠠᠭ᠎ᠠ ᠪᠠᠶᠢᠭᠤᠯᠤᠭᠰᠠᠨ 30 ᠵᠢᠯ ᠤᠨ | ᠤᠢ ᠪᠠᠷ ᠠᠵᠠ ᠲᠣᠭᠢᠶᠠᠯ ᠪᠤᠯᠭᠠᠵᠤ᠂ ᠳᠡᠮᠵᠢᠯᠴᠡᠭᠡ ᠪᠠᠨ | ᠪᠠᠬᠢᠵᠢᠭᠦᠯᠵᠦ᠂ ᠪᠦᠭᠦ ᠲᠠᠯ᠎ᠠ ᠶᠢᠨ ᠬᠠᠮᠲᠤᠷᠠᠯᠴᠠᠭ᠎ᠠ ᠪᠠᠨ | ᠴᠢᠩᠭᠠᠳᠬᠠᠵᠤ᠂ ᠳᠤᠮᠳᠠᠳᠤ ᠡᠧᠷᠢᠲᠷᠧᠶᠠ ᠶᠢᠨ ᠪᠠᠶᠢᠯᠳᠤᠬᠤ | ᠪᠣᠳᠣᠯᠭ᠎ᠠ ᠶᠢᠨᠬᠠᠨᠢᠲᠠᠨ ᠤ ᠬᠠᠷᠢᠯᠴᠠᠭ᠎ᠠ ᠶᠢᠨ | ᠲᠠᠰᠤᠷᠠᠯᠳᠠ ᠦᠭᠡᠢ ᠰᠢᠨ᠎ᠡ ᠳᠡᠭᠲᠡᠷ ᠲᠤ ᠭᠠᠷᠬᠤ ᠶᠢ | ᠠᠬᠢᠭᠤᠯᠤᠨ᠎ᠠ ᠭᠡᠵᠦ ᠴᠢᠬᠤᠯᠠᠴᠢᠯᠠᠪᠠ ᠃ | ᠢᠰᠠᠶᠠᠰ᠂ ᠡᠧᠷᠢᠲᠷᠧᠶᠠ ᠳᠤᠮᠳᠠᠳᠤ ᠶᠢᠨ ᠨᠥᠬᠦᠷᠯᠡᠯ ᠥᠨᠢ | ᠤᠳᠠᠭᠠᠨ ᠲᠡᠦᠬᠡ ᠲᠠᠢ ᠪᠠᠶᠢᠵᠤ᠂ ᠳᠤᠮᠳᠠᠳᠤ ᠤᠯᠤᠰ ᠤᠨ ᠬᠢᠨ | ᠡᠧᠷᠢᠲᠷᠧᠶᠠ ᠶᠢᠨ ᠠᠷᠠᠳᠲᠦᠮᠡᠨ ᠤ ᠦᠨᠳᠦᠰᠦᠲᠡᠨ ᠤ ᠲᠤᠰᠠᠭᠠᠷ | ᠲᠣᠭᠲᠠᠨᠢᠯ ᠢᠶᠠᠨ ᠲᠡᠮᠡᠴᠡᠨ ᠣᠯᠬᠤ ᠳᠤ ᠵᠢᠷᠤᠮ ᠪᠠ ᠪᠣᠳᠠᠰ ᠤᠨ | ᠳᠡᠮᠵᠢᠯᠭᠡ ᠬᠠᠩᠭᠠᠵᠠᠢ ᠃ ᠥᠩᠭᠡᠷᠡᠭᠰᠡᠨ 30 | ᠵᠢᠯ ᠳᠤᠡᠧᠷᠢᠲᠷᠧᠶᠠ ᠳᠤᠮᠳᠠᠳᠤ ᠶᠢᠨ ᠬᠠᠷᠢᠯᠴᠠᠭ᠎ᠠ | ᠦᠷᠭᠦᠯᠵᠢᠯᠡᠨ ᠬᠥᠭᠵᠢᠪᠡ ᠃ ᠲᠦᠷᠦᠭᠦᠬᠡᠨ᠂ ᠪᠢ ᠳᠤᠮᠳᠠᠳᠤ | ᠤᠯᠤᠰ ᠲᠤ ᠠᠮᠵᠢᠯᠲᠠ ᠲᠠᠢ ᠪᠠᠷ ᠲᠦᠷᠦ ᠶᠢᠨ | ᠶᠠᠪᠤᠳᠠᠯ ᠤᠨᠠᠶᠢᠯᠴᠢᠯᠠᠯᠲᠠ ᠬᠢᠵᠦ᠂ ᠲᠡᠷᠢᠭᠦᠯᠡᠭᠴᠢ ᠰᠢ ᠶᠢᠨ | ᠫᠢᠩ ᠲᠠᠢ ᠭᠦᠨᠵᠡᠭᠡᠢ ᠬᠡᠯᠡᠯᠴᠡᠭᠡ ᠬᠢᠪᠡ ᠃ ᠡᠧᠷᠢᠲᠷᠧᠶᠠ | ᠳᠤᠮᠳᠠᠳᠤ ᠶᠢᠨ ᠨᠥᠭᠦᠷᠰᠡᠭ | ᠬᠠᠮᠲᠤᠷᠠᠯᠴᠠᠭᠠᠨ ᠤᠬᠠᠷᠢᠯᠴᠠᠭᠠ ᠨᠡᠩ ᠥᠨᠳᠥᠷ | ᠳᠠᠪᠬᠤᠷᠭ᠎ᠠ ᠳᠤ ᠬᠦᠷᠴᠦ᠂ ᠡᠯ᠎ᠡ ᠬᠦᠷᠢᠶᠡᠨ ᠳᠠᠬᠢ ᠪᠦᠭᠦ | ᠲᠠᠯ᠎ᠠ ᠶᠢᠨ ᠬᠠᠮᠲᠤᠷᠠᠯᠴᠠᠭ᠎ᠠ ᠪᠣᠯᠣᠨ ᠵᠣᠬᠢᠴᠠᠭᠤᠯᠭ᠎ᠠ ᠶᠢ | ᠬᠠᠮᠤᠷᠤᠭᠰᠠᠨ ᠢᠦᠵᠡᠭᠡᠳ ᠪᠢ ᠮᠠᠰᠢ ᠪᠠᠶᠠᠷᠯᠠᠵᠤ ᠪᠠᠶᠢᠨ᠎ᠠ | ᠭᠡᠵᠦ ᠢᠯᠡᠳᠬᠡᠪᠡ ᠃ ᠢᠰᠠᠶᠠᠰ᠂ ᠪᠢ ᠳᠤᠷᠠᠲᠠᠶ᠎ᠠ ᠡᠨᠡ ᠬᠦ | ᠪᠠᠶᠠᠷᠲᠤ ᠴᠠᠭ ᠮᠥᠴᠡ ᠳᠤ᠂ ᠡᠧᠷᠢᠲᠷᠧᠶᠠ ᠳᠤᠮᠳᠠᠳᠤ ᠬᠤᠶᠠᠷ | ᠤᠯᠤᠰ ᠤᠨ ᠪᠠᠶᠢᠯᠳᠤᠬᠤ ᠪᠣᠳᠣᠯᠭ᠎ᠠ ᠶᠢᠨ ᠬᠠᠷᠢᠯᠴᠠᠭᠠᠨ ᠤ | ᠠᠯᠤᠰ ᠢᠷᠡᠭᠡᠳᠦᠢ ᠳᠤ ᠪᠠᠲᠤ ᠢᠲᠡᠭᠡᠯ ᠪᠠ ᠰᠠᠶᠢᠨ ᠰᠠᠶᠢᠬᠠᠨ | ᠵᠥᠩᠨᠡᠯ ᠢᠶᠠᠨ ᠳᠠᠬᠢᠨᠲᠠ ᠳᠡᠪᠰᠢᠭᠦᠯᠵᠦᠪᠠᠶᠢᠨᠠ ᠭᠡᠵᠦ | ᠴᠢᠬᠤᠯᠠᠴᠢᠯᠠᠪᠠ ᠃ | | | |