| | ᠴᠢᠩᠭᠢᠰ ᠬᠠᠭᠠᠨ 1206 ᠣᠨ ᠳᠤ ᠶᠡᠭᠡ ᠮᠤᠩᠭᠤᠯ ᠬᠠᠭᠠᠨᠳᠤ | ᠤᠯᠤᠰ ᠢ ᠪᠠᠶᠢᠭᠤᠯᠤᠭᠰᠠᠨ ᠤ ᠳᠠᠷᠠᠭ᠎ᠠ᠂ ᠳᠡᠬᠦᠨ ᠤ ᠦᠷᠡᠰ | ᠪᠤᠷᠵᠢᠬᠢᠨ ᠠᠶᠢᠮᠠᠭ ᠤᠨᠪᠠᠶᠢᠷᠢ ᠰᠠᠭᠤᠷᠢ ᠶᠢ ᠤᠨᠴᠠᠭᠠᠶᠢᠯᠠᠨ | ᠦᠨᠳᠡᠷᠵᠢᠬᠦᠯᠬᠦ ᠶᠢᠨ ᠲᠦᠯᠦᠬᠡ 《ᠪᠠᠭ᠎ᠠ ᠬᠠᠳ》 ᠭᠡᠮᠡᠵᠦ | ᠪᠠᠶᠢᠭᠰᠠᠨ ᠢᠶᠠᠨ ᠪᠤᠯᠢᠭᠠᠳ 《ᠳᠠᠶᠢᠵᠢ》 ᠬᠡᠮᠡᠵᠦ | ᠳᠠᠭᠤᠳᠠᠬᠤᠪᠤᠯᠪᠠ᠃ ᠡᠨᠡ ᠨᠢ ᠬᠢᠳᠡᠳ ᠬᠠᠭᠠᠳ ᠤᠨ | ᠵᠠᠯᠭᠠᠮᠵᠢᠯᠠᠭᠴᠢ ᠬᠦᠪᠡᠬᠦᠨ ᠢᠶᠠᠨ 《ᠳᠠᠶᠢᠽᠢ》 ︵太子︶ ᠭᠡᠳᠡᠭ | ᠦᠬᠡ ᠠᠴᠠ ᠤᠯᠠᠷᠢᠨ ᠢᠷᠡᠵᠦ᠂ ᠬᠤᠶᠢᠨ᠎ᠠ ᠨᠢ 《ᠳᠠᠶᠢᠵᠢ》 ᠬᠡᠮᠡᠨ | ᠳᠠᠭᠤᠳᠠᠬᠤ ᠪᠤᠯᠪᠠ᠃ ᠢᠡᠭᠭᠢᠭᠡᠳ ᠬᠠᠮᠤᠭ ᠰᠡᠬᠦᠯᠡᠷ ᠨᠢ ᠬᠠᠭᠠᠨ | ᠢᠵᠠᠭᠤᠷᠳᠠᠨ ᠤ ᠤᠳᠬ᠎ᠠ ᠪᠦᠬᠦᠢ ᠦᠬᠡ ᠪᠤᠯᠵᠤ | ᠬᠤᠪᠢᠷᠠᠭᠰᠠᠨᠪᠠᠶᠢᠯᠠ᠃ | ᠴᠢᠩᠭᠢᠰ ᠬᠠᠭᠠᠨ ᠪᠠ ᠳᠡᠬᠦᠨ ᠤ ᠳᠡᠬᠦᠦ ᠨᠠᠷ ᠤᠨ ᠦᠷᠡᠰ ᠢ ᠴᠦᠮ | 《ᠳᠠᠶᠢᠵᠢ》 ᠬᠡᠮᠡᠵᠦ ᠳᠠᠭᠤᠳᠠᠳᠠᠭ ᠶᠤᠮ᠃ | ᠡᠶᠢᠮᠤ ᠠᠴᠠ《ᠳᠠᠶᠢᠵᠢ》 ᠪᠦᠬᠦᠨ ᠨᠢ ᠪᠤᠭᠳᠠ ᠡᠵᠡᠨ ᠴᠢᠩᠭᠢᠰ | ᠬᠠᠭᠠᠨ ᠪᠠ ᠳᠡᠬᠦᠨ ᠤ ᠳᠡᠬᠦᠦ ᠬᠠᠪᠤᠳᠤ ᠬᠠᠰᠠᠷ ᠤᠨ ᠬᠤᠶᠢᠴᠢ | ᠦᠷᠡᠰ ᠪᠤᠯᠬᠤ ᠨᠢᠮᠡᠳᠡᠭᠡᠵᠢ ᠶᠢᠨ ᠭᠡᠷᠡᠭ᠃ | ᠭᠡᠶ᠎ᠠ᠂《ᠳᠠᠶᠢᠵᠢ》 ᠶᠢᠨ ᠵᠡᠷᠭᠡ ᠳᠡᠰ ᠨᠢ ᠪᠠᠰᠠ ᠠᠳᠠᠯᠢ | ᠦᠭᠡᠢ ᠪᠠᠶᠢᠳᠠᠭ᠃ ᠭᠤᠤᠯᠳᠠᠭᠤ ᠨᠢ᠄ ᠳᠡᠳᠡᠨᠤᠰ ᠤᠨ ᠡᠮᠤᠰᠴᠤ | ᠪᠠᠶᠢᠭ᠎ᠠ 《 ᠤᠳᠤᠭ᠎ᠠ》 ᠪᠦᠬᠦᠢ ᠵᠢᠩᠰᠠ ᠵᠠᠯᠠᠭ᠎ᠠ ᠲᠠᠢ ᠲᠢᠳᠢᠮ | 《ᠮᠠᠯᠠᠭᠠᠢ》 ᠪᠠᠷ ᠢᠶᠠᠨ ᠬᠡᠳᠤᠳᠤᠬᠡᠷ ᠬᠡᠷᠬᠡᠮ ᠵᠡᠷᠭᠡ | ᠳᠡᠰ ᠤᠨ 《 ᠳᠠᠶᠢᠵᠢ》 ᠭᠡᠳᠡᠭ ᠢ ᠢᠯᠭᠠᠪᠤᠷᠢᠯᠠᠵᠤᠮᠡᠳᠡᠬᠦ | ᠶᠤᠮ᠃ ᠬᠡᠷᠬᠡᠮᠳᠡᠨ ᠨᠤᠶᠠᠨ ᠪᠦᠬᠦᠢ | ᠵᠡᠷᠭᠡ ᠲᠠᠢ《ᠳᠠᠶᠢᠵᠢ》 ᠶᠢ ᠳᠤᠳᠤᠷ᠎ᠠ ᠨᠢ ᠪᠠᠰᠠ ᠲᠦᠷᠪᠡᠨ | ᠳᠡᠰ ᠠᠩᠭᠢᠯᠠᠬᠤ ᠨᠢ᠄ ᠳᠡᠷᠢᠬᠦᠨ ᠳᠠᠶᠢᠵᠢ ᠨᠢ ᠪᠤᠯᠳᠤᠩᠭᠠᠯᠠᠭ | ᠤᠯᠠᠭᠠᠨ ᠪᠠᠳᠮᠠᠷᠠᠭ᠎ᠠ ᠵᠢᠩᠰᠠ ᠪᠦᠬᠦᠢ ᠮᠠᠯᠠᠭᠠᠢ ᠲᠠᠢ ᠨᠤᠶᠠᠨ | ᠪᠤᠯᠤᠨ᠎ᠠ᠃ ᠳᠡᠳ᠋ ᠳᠠᠶᠢᠵᠢ ᠨᠢ ᠲᠦᠯᠡᠢ ᠤᠯᠠᠭᠠᠨ ᠱᠢᠷᠤ ᠶᠢᠨ | ᠵᠢᠩᠰᠠ ᠪᠦᠬᠦᠢ ᠮᠠᠯᠠᠭᠠᠢ ᠲᠠᠢ ᠨᠤᠶᠠᠨ ᠪᠤᠯᠤᠨ᠎ᠠ᠃ ᠭᠤᠳᠠᠭᠠᠷ | ᠳᠠᠶᠢᠵᠢ ᠨᠢ ᠳᠤᠩᠭᠠᠯᠠᠭ ᠬᠦᠬᠡ ᠨᠤᠮᠢᠨ ᠵᠢᠩᠰᠠ ᠪᠦᠬᠦᠢ | ᠮᠠᠯᠠᠭᠠᠢ ᠲᠠᠢ ᠨᠤᠶᠠᠨ ᠪᠤᠯᠬᠤ᠃ ᠲᠦᠳᠦᠬᠡᠷ ᠳᠠᠶᠢᠵᠢ ᠨᠢ | ᠲᠦᠯᠡᠢᠬᠦᠬᠡ ᠴᠢᠯᠠᠭᠤᠨ ᠵᠢᠩᠰᠠ ᠪᠦᠬᠦᠢ ᠮᠠᠯᠠᠭᠠᠢ ᠲᠠᠢ ᠨᠤᠶᠠᠨ | ᠪᠤᠯᠤᠨ᠎ᠠ᠃ | ᠶᠠᠮᠠᠷ ᠴᠦ ᠤᠳᠤᠭ᠎ᠠ ᠪᠠ ᠵᠢᠩᠰᠠ ᠵᠠᠯᠠᠭ᠎ᠠ ᠪᠦᠬᠦᠢ ᠮᠠᠯᠠᠭᠠᠢ | ᠦᠭᠡᠢ ᠳᠠᠶᠢᠵᠢ ᠶᠢ ᠶᠠᠷᠤᠮᠳᠡᠭ ᠳᠠᠶᠢᠵᠢ ᠭᠡᠳᠡᠭ᠃ | ᠪᠢᠴᠢᠭ ᠴᠡᠷᠢᠭ ᠤᠨ ᠨᠤᠶᠠᠳ ᠪᠤᠯᠬᠤ ᠨᠢ᠂ ᠳᠡᠬᠦᠨ ᠤ ᠡᠷᠳᠡᠮ | ᠴᠢᠳᠠᠪᠤᠷᠢ ᠶᠢ ᠨᠢ ᠦᠵᠡᠬᠦ ᠳᠤᠯᠠ ᠶᠠᠮᠠᠷ ᠴᠦ ᠵᠡᠷᠭᠡ ᠳᠡᠰ ᠤᠨ | ᠳᠠᠶᠢᠵᠢ ᠠᠴᠠ ᠴᠦᠮᠰᠤᠩᠭᠤᠵᠤ ᠠᠪᠴᠤ ᠪᠤᠯᠤᠨ᠎ᠠ᠃ | | | |