ᠭᠤᠷᠪᠠᠨ ᠰᠠᠶᠢᠨ ᠳᠠᠳᠬᠠᠯ ᠢ ᠪᠠᠷᠢᠮᠲᠠᠯᠠᠶ᠎ᠠ
  
2023/5/25
       ᠡᠷᠲᠡ ᠪᠤᠰᠴᠦ ᠪᠠᠢ︕ 《ᠪᠠᠷᠰ ᠴᠠᠭ ᠲᠤ ᠪᠤᠰᠬᠤ ᠦᠬᠡᠢ ᠪᠤᠯ ᠡᠳᠦᠷ ᠤᠨ ᠶᠠᠪᠤᠳᠠᠯ ᠬᠤᠴᠤᠷᠤᠨ᠎ᠠ 》 ᠬᠡᠳᠡᠭ᠃ ᠦᠷᠯᠦᠬᠡ ᠪᠦᠷᠢ ᠡᠷᠳᠡ ᠪᠤᠰᠴᠦ᠂ᠲᠠᠪᠠ ᠪᠠᠷ ᠵᠶ᠋ᠠᠨ‌‍ᠴᠠᠢ ᠪᠠᠨ ᠤᠤᠭᠤᠵᠦ᠂ ᠠᠵᠢᠯ ᠳᠠᠭᠠᠨ ᠶᠠᠭᠠᠷᠠᠵᠦ ᠰᠠᠨᠳᠣᠷᠬᠤ ᠦᠬᠡᠢ ᠤᠷᠤᠵᠦ ᠪᠠᠢ᠃       ᠨᠣᠮ ᠱᠠᠭᠠᠶᠢᠵᠦ ᠪᠠᠢ᠃ ᠨᠣᠮ ᠪᠣᠯ ᠳᠣᠮ ᠶᠤᠮ᠃ ᠦᠪᠡᠷ ᠢ ᠪᠠᠨ ᠮᠡᠳᠡᠯᠬᠡ ᠲᠠᠢ ᠪᠤᠯᠪᠠᠰᠣᠷᠠᠯ ᠲᠠᠢ ᠪᠠᠶᠢᠯᠭᠠᠬᠤ ᠳᠤ ᠨᠤᠮ ᠠᠴᠠ ᠰᠠᠯᠵᠦ ᠴᠢᠳᠠᠬᠤ ᠦᠬᠡᠢ᠃ᠨᠢᠬᠡ ᠨᠢᠬᠡ ᠳᠡᠪᠳᠡᠷ ᠢᠶᠠᠷ ᠣᠩᠰᠢᠭᠠᠳ ᠵᠠᠭᠤᠨ ᠳᠡᠪᠲᠡᠷ ᠪᠤᠯᠵᠦ ᠢᠷᠡᠬᠦ ᠳᠤ᠂ ᠮᠡᠳᠡᠯᠭᠡ ᠮᠡᠷᠭᠡᠵᠢᠯ ᠴᠢᠨᠢ ᠳᠡᠭᠡᠭᠰᠢᠯᠡᠵᠦ᠂ ᠵᠠᠷᠢᠮ ᠠᠰᠠᠭᠤᠳᠠᠯ ᠢ ᠳᠠᠳᠮᠠᠭᠠᠢ ᠪᠠᠷᠰᠢᠢᠳᠪᠦᠷᠢᠯᠡᠵᠦ ᠴᠢᠳᠠᠳᠠᠭ ᠪᠣᠯᠣᠨ᠎ᠠ᠃ ᠮᠢᠩᠭᠠᠨ ᠳᠡᠪᠲᠡᠷ ᠨᠣᠮ ᠣᠩᠰᠢᠬᠤ ᠳᠤ᠂ ᠬᠠᠷᠠᠭ᠎ᠠ ᠪᠦᠷ ᠴᠦ ᠲᠡᠯᠡᠵᠦ᠂ ᠠᠮᠢᠳᠤᠷᠠᠯ ᠢ ᠮᠠᠰᠢ ᠰᠠᠶᠢᠨ ᠣᠶᠢᠯᠠᠭᠠᠳᠠᠭ ᠪᠤᠯᠵᠦᠢᠷᠡᠨ᠎ᠡ᠃ ᠬᠡᠬᠦ ᠳᠡᠭᠡᠨ ᠬᠠᠷᠢᠨ ᠦᠪᠡᠷ ᠲᠤ ᠴᠢᠨᠢ ᠬᠡᠷᠡᠭᠳᠡᠢ ᠨᠤᠮ ᠢ ᠰᠣᠩᠭᠤᠵᠦ ᠣᠩᠰᠢᠬᠤ ᠶᠤᠮ ᠰᠢᠦ᠃         ᠬᠠᠶᠠ ᠭᠠᠭᠴᠠᠭᠠᠷ ᠢᠶᠠᠨ ᠠᠮᠤᠷ ᠳᠠᠶᠢᠪᠤᠩ ᠪᠠᠶᠢᠵᠦ ᠰᠣᠷ᠃ ᠭᠠᠭᠴᠠᠭᠠᠷ ᠪᠠᠶᠢᠬᠤ ᠭᠡᠳᠡᠭ ᠨᠢ ᠬᠦᠮᠦᠨ ᠠᠮᠢᠳᠠᠨ ᠠᠴᠠ ᠵᠠᠶᠢᠳᠠᠬᠤ ᠶᠠᠪᠤᠳᠠᠯ ᠪᠢᠰᠢ᠂ ᠬᠠᠷᠢᠨᠥᠪᠡᠷ ᠤᠨ ᠪᠡᠶ᠎ᠡ ᠳᠡᠭᠡᠨ ᠣᠷᠣᠨ ᠵᠠᠢ ᠣᠯᠭᠤᠵᠦ᠂ ᠥᠪᠡᠷ ᠤᠨ ᠳᠤᠷᠠᠲᠠᠢ ᠵᠦᠢᠯ ᠳᠡᠭᠡᠨ ᠰᠢᠮᠳᠠᠬᠤ ᠴᠠᠭ ᠭᠠᠷᠭᠠᠵᠤ ᠪᠠᠶᠢᠬᠤ ᠶᠠᠪᠤᠳᠠᠯ ᠶᠤᠮ᠃      
  ᠠᠷᠠᠳ ᠤᠨ ᠮᠣᠩᠭᠤᠯ ᠰᠦᠯᠵᠢᠶ᠎ᠡ