ᠰᠢ ᠶᠢᠨ ᠫᠢᠩ ᠱᠠᠩᠬᠠᠢ ᠬᠤᠳᠠ ᠶᠢᠨ ᠬᠤᠩ ᠺᠧᠦ ᠲᠣᠭᠤᠷᠢᠭ ᠤᠨ ᠵᠢᠶᠠ ᠰᠢᠩ ᠵᠠᠮ ᠵᠡᠭᠡᠯᠢ ᠭᠤᠳᠤᠮᠵᠢ ᠶᠢᠨ ᠬᠤᠭ ᠨᠣᠪᠰᠢ ᠶᠢ ᠠᠩᠭᠢᠯᠠᠬᠤ ᠰᠠᠶᠢᠨᠳᠤᠷᠠᠴᠤᠳ ᠲᠤ ᠬᠠᠷᠢᠭᠤ ᠵᠠᠬᠢᠳᠠᠯ ᠢᠯᠡᠭᠡᠵᠦ ᠵᠣᠷᠢᠭᠵᠢᠭᠤᠯᠤᠭᠰᠠᠨ ᠨᠢ — ᠤᠬᠠᠭᠤᠯᠵᠤ ᠬᠥᠲᠥᠯᠥᠨ ᠵᠢᠯᠤᠭᠤᠳᠬᠤ ᠠᠵᠢᠯ ᠢ ᠰᠡᠳᠬᠢᠯ ᠠᠴᠠ ᠪᠠᠨᠬᠠᠶᠢᠷᠠᠯᠠᠨ ᠰᠠᠶᠢᠲᠤᠷ ᠬᠢᠵᠦ ᠬᠤᠭ ᠨᠣᠪᠰᠢ ᠶᠢ ᠠᠩᠭᠢᠯᠠᠬᠤ ᠶᠢ ᠪᠠᠭ᠎ᠠ ᠨᠡᠭᠦᠷᠡᠰᠦᠲᠥ᠋ᠷᠥᠭᠴᠢᠲᠦ ᠠᠮᠢᠳᠤᠷᠠᠯ ᠤᠨ ᠰᠢᠨ᠎ᠡ ᠬᠡᠪ ᠵᠠᠩᠰᠢᠯ ᠪᠤᠯᠭᠠᠬᠤ ᠶᠢ ᠠᠬᠢᠭᠤᠯᠬᠤ ᠬᠡᠷᠡᠭᠲᠡᠢ
  
2023/5/24
       ᠰᠢᠨᠬᠤᠸᠠ ᠬᠤᠷᠢᠶ᠎ᠠ ᠶᠢᠨ ᠪᠡᠭᠡᠵᠢᠩ ᠤᠨ 5 ᠰᠠᠷ᠎ᠠ ᠶᠢᠨ 22 ᠤᠨ ᠴᠠᠭᠢᠯᠭᠠᠨ ᠮᠡᠳᠡᠭᠡ   ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ ᠂ ᠤᠯᠤᠰ ᠤᠨ ᠲᠡᠷᠢᠭᠦᠯᠡᠭᠴᠢ ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠠ ᠶᠢᠨ ᠲᠡᠷᠢᠭᠦᠯᠡᠭᠴᠢ ᠰᠢ ᠶᠢᠨ ᠫᠢᠩ 5 ᠰᠠᠷ᠎ᠠ ᠶᠢᠨ 21 ᠤ ᠡᠳᠦᠷ ᠱᠠᠩᠬᠠᠢ ᠬᠤᠳᠠ ᠶᠢᠨ ᠬᠤᠩ ᠺᠧᠦ ᠲᠣᠭᠤᠷᠢᠭ ᠤᠨ ᠵᠢᠶᠠ ᠰᠢᠩ ᠵᠠᠮ ᠵᠡᠭᠡᠯᠢ ᠭᠤᠳᠤᠮᠵᠢ ᠶᠢᠨ ᠬᠤᠭ ᠨᠣᠪᠰᠢ ᠶᠢ ᠠᠩᠭᠢᠯᠠᠬᠤ ᠰᠠᠶᠢᠨ ᠲᠤᠷᠠᠴᠤᠳ ᠲᠤ ᠬᠠᠷᠢᠭᠤ ᠵᠠᠬᠢᠳᠠᠯ ᠢᠯᠡᠭᠡᠵᠦ ᠂ ᠬᠤᠭ ᠨᠣᠪᠰᠢ ᠶᠢᠠᠩᠭᠢᠯᠠᠬᠤ ᠠᠵᠢᠯ ᠢ ᠠᠬᠢᠭᠤᠯᠬᠤ ᠳᠤ ᠴᠢᠩ ᠰᠡᠳᠬᠢᠯ ᠤᠨ ᠬᠦᠰᠡᠯ ᠨᠠᠶᠢᠳᠠᠯᠭ᠎ᠠ ᠳᠤᠷᠠᠳᠪᠠ ᠃         ᠰᠢ ᠶᠢᠨ ᠫᠢᠩ ᠬᠠᠷᠢᠭᠤ ᠵᠠᠬᠢᠳᠠᠯ ᠳᠠᠭᠠᠨ ᠂ ᠢᠷᠡᠭᠦᠯᠦᠭᠰᠡᠨ ᠵᠠᠬᠢᠳᠠᠯ ᠢ ᠴᠢᠨᠢ ᠦᠵᠡᠭᠡᠳ ᠂ ᠲᠠᠪᠤᠨ ᠵᠢᠯ ᠤᠨ ᠡᠮᠦᠨ᠎ᠡ ᠤᠯᠠᠨ ᠲᠠᠢ ᠬᠠᠮᠲᠤ ᠬᠤᠭ ᠨᠣᠪᠰᠢ ᠶᠢᠠᠩᠭᠢᠯᠠᠬᠤ ᠠᠵᠢᠯ ᠤᠨ ᠪᠠᠶᠢᠳᠠᠯ ᠤᠨ ᠲᠤᠬᠠᠢ ᠶᠠᠷᠢᠯᠴᠠᠭᠰᠠᠨ ᠢᠶᠠᠨ ᠪᠤᠳᠤᠵᠤ ᠣᠯᠣᠯ᠎ᠠ ᠂ ᠲᠠ ᠨᠠᠷ ᠤᠨ ᠨᠡᠶᠢᠲᠡ ᠶᠢᠨ ᠠᠰᠠᠷᠠᠮᠵᠢ ᠶᠢᠨ ᠠᠵᠢᠯ ᠳᠤ ᠬᠠᠯᠠᠭᠤᠨ ᠰᠡᠳᠬᠢᠯᠭᠡ ᠲᠠᠢ ᠤᠷᠤᠯᠴᠠᠵᠤ ᠤᠯᠠᠨ ᠲᠦᠮᠡᠨ ᠳᠤ ᠦᠢᠯᠡᠴᠢᠯᠡᠵᠦ ᠪᠠᠶᠢᠭ᠎ᠠ ᠡᠷᠴᠢ ᠵᠣᠷᠢᠭ ᠴᠢᠨᠢ ᠨᠠᠳᠠ ᠳᠤ ᠭᠦᠨ ᠰᠠᠭᠤᠭᠳᠠᠯ ᠦᠯᠡᠳᠡᠭᠡᠵᠡᠢ ᠃ ᠡᠨᠡ ᠬᠡᠳᠦᠨ ᠵᠢᠯ ᠤᠨᠤᠬᠠᠭᠤᠯᠭ᠎ᠠ ᠶᠢᠨ ᠠᠬᠢᠭᠤᠯᠤᠯ ᠳᠣᠣᠷ᠎ᠠ ᠬᠤᠭ ᠨᠣᠪᠰᠢ ᠶᠢ ᠠᠩᠭᠢᠯᠠᠬᠤ ᠠᠵᠢᠯ ᠲᠠᠨ ᠤ ᠲᠡᠨᠳᠡ ᠰᠢᠨ᠎ᠡ ᠦᠷ᠎ᠡ ᠪᠦᠲᠦᠮᠵᠢ ᠣᠯᠵᠤ ᠂ ᠰᠠᠭᠤᠭᠠᠯᠢ ᠠᠷᠠᠳ ᠤᠨᠪᠣᠯᠪᠠᠰᠤᠨ ᠤ ᠬᠡᠮᠵᠢᠶ᠎ᠡ ᠳᠡᠭᠡᠭᠰᠢᠯᠡᠵᠦ ᠂ ᠨᠡᠶᠢᠭᠡᠮ ᠲᠣᠭᠤᠷᠢᠭ ᠤᠨ ᠣᠷᠴᠢᠨ ᠲᠣᠭᠤᠷᠢᠨ ᠨᠠᠩ ᠭᠤᠶᠤᠵᠢᠬᠰᠡᠨ ᠢ ᠰᠣᠨᠣᠰᠤᠭᠠᠳ ᠪᠢ ᠮᠠᠰᠢ ᠪᠠᠶᠠᠷᠯᠠᠵᠤ ᠪᠠᠶᠢᠨ᠎ᠠ ᠭᠡᠵᠦᠬᠡᠯᠡᠪᠡ ᠃         ᠰᠢ ᠶᠢᠨ ᠫᠢᠩ ᠂ ᠬᠤᠭ ᠨᠣᠪᠰᠢ ᠶᠢ ᠠᠩᠭᠢᠯᠠᠬᠤ ᠪᠠ ᠡᠬᠢ ᠪᠠᠶᠠᠯᠢᠭᠵᠢᠭᠤᠯᠤᠨ ᠠᠰᠢᠭᠯᠠᠬᠤ ᠪᠣᠯ ᠰᠢᠰᠲ᠋ᠧᠮᠲᠦ ᠢᠨᠵᠧᠨᠧᠷᠢᠩ ᠮᠥᠨ ᠂ ᠡᠯ᠎ᠡ ᠲᠠᠯ᠎ᠠ ᠶᠢᠨ ᠬᠢᠨᠬᠠᠮᠵᠢᠯᠴᠠᠨ ᠬᠦᠴᠦᠯᠡᠵᠦ ᠂ ᠣᠨᠣᠴᠠᠲᠠᠢ ᠪᠠᠷ ᠠᠷᠭ᠎ᠠ ᠪᠣᠳᠣᠯᠭ᠎ᠠ ᠬᠡᠷᠡᠭᠵᠢᠭᠦᠯᠵᠦ ᠂ ᠤᠳᠠᠭᠠᠨ ᠳᠠᠭᠠᠭᠠᠮᠠᠭᠠᠢ ᠵᠢᠳᠬᠦᠯ ᠴᠢᠷᠮᠠᠶᠢᠯᠭ᠎ᠠ ᠭᠠᠷᠭᠠᠬᠤ ᠶᠢ ᠱᠠᠭᠠᠷᠳᠠᠨ᠎ᠠ ᠂ ᠥᠷᠭᠡᠨ ᠤᠯᠠᠨ ᠬᠤᠳᠠ ᠬᠥᠳᠡᠭᠡ ᠶᠢᠨ ᠰᠠᠭᠤᠭᠠᠯᠢ ᠠᠷᠠᠳ ᠢᠳᠡᠪᠬᠢᠲᠡᠢ ᠣᠷᠣᠯᠴᠠᠵᠤ ᠂ ᠰᠠᠨᠠᠭᠠᠴᠢᠯᠠᠭ᠎ᠠ ᠠᠴᠠ ᠪᠠᠨ ᠵᠢᠳᠬᠦᠯ ᠴᠢᠷᠮᠠᠶᠢᠯᠭ᠎ᠠ ᠭᠠᠷᠭᠠᠬᠤ ᠶᠢ ᠱᠠᠭᠠᠷᠳᠠᠨ᠎ᠠ ᠃ ᠲᠠ ᠨᠠᠷ ᠦᠨᠳᠦᠰᠦᠨ ᠱᠠᠲᠤᠨ ᠤ ᠵᠠᠰᠠᠯᠲᠠ ᠳᠤᠮᠳᠠᠬᠢ ᠰᠠᠶᠢᠨ ᠲᠤᠷᠠᠴᠤᠳ ᠤᠨ ᠥᠪᠡᠷᠮᠢᠴᠡ ᠦᠢᠯᠡᠳᠦᠯ ᠢ ᠦᠷᠭᠦᠯᠵᠢᠯᠡᠨ ᠪᠠᠳᠠᠷᠠᠭᠤᠯᠵᠤ ᠂ ᠤᠬᠠᠭᠤᠯᠵᠤᠬᠥᠲᠥᠯᠥᠨ ᠵᠢᠯᠤᠭᠤᠳᠬᠤ ᠠᠵᠢᠯ ᠢ ᠰᠡᠳᠬᠢᠯ ᠠᠴᠠ ᠪᠠᠨ ᠬᠠᠶᠢᠷᠠᠯᠠᠨ ᠰᠠᠶᠢᠲᠤᠷ ᠬᠢᠵᠦ ᠂ ᠨᠡᠩ ᠤᠯᠠᠨ ᠰᠠᠭᠤᠭᠠᠯᠢ ᠠᠷᠠᠳ ᠢ ᠲᠠᠶᠢᠴᠢᠯᠡᠨ ᠠᠩᠭᠢᠯᠠᠵᠤ ᠲᠠᠯᠪᠢᠬᠤᠰᠠᠶᠢᠨ ᠰᠠᠶᠢᠬᠠᠨ ᠳᠠᠳᠬᠠᠯ ᠲᠠᠢ ᠪᠤᠯᠭᠠᠵᠤ ᠂ ᠬᠤᠭ ᠨᠣᠪᠰᠢ ᠶᠢ ᠠᠩᠭᠢᠯᠠᠬᠤ ᠶᠢ ᠪᠠᠭ᠎ᠠ ᠨᠡᠭᠦᠷᠡᠰᠦᠲᠥ᠋ᠷᠥᠭᠴᠢᠲᠦ ᠠᠮᠢᠳᠤᠷᠠᠯ ᠤᠨ ᠰᠢᠨ᠎ᠡ ᠬᠡᠪ ᠵᠠᠩᠰᠢᠯ ᠪᠤᠯᠭᠠᠬᠤ ᠶᠢᠠᠬᠢᠭᠤᠯᠵᠤ ᠂ ᠠᠮᠢ ᠠᠬᠤᠢ ᠶᠢᠨ ᠪᠣᠯᠪᠠᠰᠤᠨ ᠤ ᠪᠠᠶᠢᠭᠤᠯᠤᠯᠲᠠ ᠶᠢ ᠠᠬᠢᠭᠤᠯᠬᠤ ᠂ ᠪᠦᠭᠦ ᠨᠡᠶᠢᠭᠡᠮ ᠤᠨ ᠪᠣᠯᠪᠠᠰᠤᠨ ᠤ ᠬᠡᠮᠵᠢᠶ᠎ᠡ ᠶᠢ ᠳᠡᠭᠡᠭᠰᠢᠯᠡᠭᠦᠯᠭᠦ ᠳᠤᠢᠳᠡᠪᠬᠢᠲᠡᠢ ᠪᠠᠷ ᠬᠦᠴᠦᠨ ᠴᠢᠳᠠᠯ ᠢᠶᠠᠨ ᠡᠷᠭᠦᠬᠦ ᠶᠢ ᠬᠦᠰᠡᠵᠦ ᠪᠠᠶᠢᠨ᠎ᠠ ᠭᠡᠵᠦ ᠴᠢᠬᠤᠯᠠᠴᠢᠯᠠᠪᠠ ᠃          ᠶᠡᠷᠦᠩᠬᠡᠢ ᠱᠦᠵᠢ ᠰᠢ ᠶᠢᠨ ᠫᠢᠩ ᠬᠤᠭ ᠨᠣᠪᠰᠢ ᠶᠢ ᠠᠩᠭᠢᠯᠠᠬᠤ ᠪᠠ ᠡᠬᠢ ᠪᠠᠶᠠᠯᠢᠭᠵᠢᠭᠤᠯᠤᠨ ᠠᠰᠢᠭᠯᠠᠬᠤ ᠶᠢ ᠲᠤᠶᠢᠯ ᠢᠶᠠᠷ ᠠᠩᠬᠠᠷᠴᠤ ᠂ ᠤᠯᠠᠨ ᠤᠳᠠᠭ᠎ᠠᠴᠢᠬᠤᠯᠠ ᠵᠢᠭᠠᠪᠤᠷᠢ ᠥᠭᠴᠡᠢ ᠃ ᠣᠶᠢᠷ᠎ᠠ ᠶᠢᠨ ᠵᠢᠯ ᠳᠤ ᠮᠠᠨ ᠤ ᠤᠯᠤᠰ ᠤᠨ ᠬᠤᠭ ᠨᠣᠪᠰᠢ ᠶᠢ ᠠᠩᠭᠢᠯᠠᠬᠤ ᠠᠵᠢᠯ ᠦᠷᠭᠦᠯᠵᠢᠯᠡᠨ ᠭᠦᠨᠵᠡᠭᠡᠶᠢᠷᠡᠨ ᠠᠬᠢᠵᠤ ᠂ 297ᠲᠤᠰᠬᠠᠢ ᠣᠷᠣᠨ ᠤ ᠲᠠᠰ ᠠᠴᠠ ᠳᠡᠭᠡᠭᠰᠢᠬᠢ ᠬᠤᠲᠠ ᠳᠤ ᠠᠮᠢᠳᠤᠷᠠᠯ ᠤᠨ ᠬᠤᠭ ᠨᠣᠪᠰᠢ ᠶᠢ ᠠᠩᠭᠢᠯᠠᠬᠤ ᠶᠢ ᠪᠦᠭᠦ ᠲᠠᠯ᠎ᠠ ᠪᠠᠷ ᠬᠡᠷᠡᠭᠵᠢᠭᠦᠯᠵᠦ ᠂ ᠰᠠᠭᠤᠭᠠᠯᠢᠠᠷᠠᠳ ᠤᠨ ᠲᠣᠭᠤᠷᠢᠭ ᠤᠨ ᠳᠤᠮᠳᠠᠴᠢ ᠪᠦᠷᠬᠦᠴᠡ ᠶᠢᠨ ᠨᠣᠷᠮ᠎ᠠ 82.5% ᠳᠤ ᠬᠦᠷᠴᠡᠢ ᠃ ᠣᠶᠢᠷ᠎ᠠ ᠳᠤ ᠱᠠᠩᠬᠠᠢ ᠬᠤᠲᠠ ᠶᠢᠨ ᠬᠤᠩ ᠺᠧᠦ ᠲᠣᠭᠤᠷᠢᠭ ᠤᠨ ᠵᠢᠶᠠᠰᠢᠩ ᠵᠠᠮ ᠵᠡᠭᠡᠯᠢ ᠭᠤᠳᠤᠮᠵᠢ ᠶᠢᠨ ᠬᠤᠭ ᠨᠣᠪᠰᠢ ᠶᠢ ᠠᠩᠭᠢᠯᠠᠬᠤ ᠰᠠᠶᠢᠨ ᠳᠤᠷᠠᠴᠤᠳ ᠤᠨ ᠲᠥᠯᠥᠭᠡᠯᠡᠭᠴᠢ ᠶᠡᠷᠦᠩᠬᠡᠢ ᠱᠦᠵᠢ ᠰᠢ ᠶᠢᠨ ᠫᠢᠩ ᠳᠤ ᠵᠠᠬᠢᠳᠠᠯ ᠪᠢᠴᠢᠵᠦ ᠂ ᠲᠤᠬᠠᠢ ᠶᠢᠨ ᠭᠠᠵᠠᠷ ᠤᠨ ᠬᠤᠭ ᠨᠣᠪᠰᠢ ᠶᠢ ᠠᠩᠭᠢᠯᠠᠬᠤ ᠠᠵᠢᠯ ᠤᠨ ᠣᠯᠣᠭᠰᠠᠨ ᠦᠷ᠎ᠡ ᠪᠦᠲᠦᠮᠵᠢ ᠶᠢ ᠬᠠᠷᠢᠭᠤ ᠮᠡᠳᠡᠭᠦᠯᠵᠦ ᠂ ᠬᠤᠭ ᠨᠣᠪᠰᠢ ᠶᠢ ᠠᠩᠭᠢᠯᠠᠬᠤᠠᠵᠢᠯ ᠤᠨ ᠨᠠᠩ ᠶᠡᠭᠡ ᠬᠡᠪᠴᠢᠶᠡᠨ ᠳᠤ ᠦᠷ᠎ᠡ ᠪᠦᠲᠦᠮᠵᠢ ᠭᠠᠷᠭᠠᠬᠤ ᠶᠢ ᠠᠬᠢᠭᠤᠯᠬᠤ ᠳᠤ ᠬᠦᠴᠦᠨ ᠴᠢᠳᠠᠯ ᠢᠶᠠᠨ ᠡᠷᠭᠦᠬᠦ ᠵᠣᠷᠢᠭ ᠢᠶᠠᠨ ᠢᠯᠡᠳᠬᠡᠪᠡ ᠃  
  ​ᠥᠪᠥᠷ ᠮᠣᠩᠭᠤᠯ ᠤᠨ ᠡᠳᠦᠷ ᠤᠨ ᠰᠣᠨᠢᠨ