ᠴᠠᠭᠠᠨ  ᠲᠤᠰᠦ
  
2023/10/11
        ᠴᠠᠭᠠᠨ  ᠲᠤᠰᠦ  ᠴᠠᠭᠠᠨ ᠲᠤᠰᠦ ᠪᠣᠯ ᠦᠵᠦᠮᠦᠴᠢᠨ ᠴᠠᠭᠠᠨ ᠢᠳᠡᠭᠡᠨ ᠤ ᠪᠠᠰᠠ ᠨᠢᠭᠡ ᠴᠢᠬᠤᠯᠠ ᠵᠦᠢᠯ᠂ ᠪᠤᠯᠤᠭᠰᠠᠨ ᠰᠦᠨ ᠤᠪᠦᠳᠦᠭᠡᠭᠳᠡᠬᠦᠨ᠂ ᠦᠷᠦᠮ᠎ᠡ ᠶᠢᠨ ᠬᠤᠪᠢᠯᠠᠪᠤᠷᠢ᠃ ᠲᠡᠷᠡ ᠨᠢ ᠦᠷᠦᠮ᠎ᠡ ᠶᠢ ᠬᠠᠪᠰᠤᠷᠴᠦ ᠬᠠᠲᠠᠭᠠᠬᠤ ᠪᠢᠰᠢ᠂ᠬᠠᠷᠢᠨ ᠪᠠᠷᠢᠨ ᠳᠤᠭᠤᠭᠠᠨ ᠠᠴᠠ ᠬᠠᠮᠦᠵᠦ ᠠᠪᠴᠦ ᠮᠠᠵᠢᠭᠠᠳ᠂ ᠪᠣᠭ ᠮᠠᠯ ᠤᠨ ᠬᠦᠵᠡᠭᠡᠨ ᠳᠤ ᠬᠢᠵᠦ ᠤᠷᠲᠦᠬᠤᠭᠤᠴᠠᠭ᠎ᠠ ᠪᠠᠷ ᠬᠠᠳᠠᠭᠠᠯᠵᠦ ᠲᠠᠯᠪᠢᠳᠠᠭ᠃      ᠲᠠᠯᠪᠢᠬᠤ ᠳᠤᠳᠤᠮ ᠪᠦᠭᠡᠮᠨᠡᠷᠡᠵᠦ ᠴᠢᠩᠭᠠᠷᠠᠨ ᠢᠰᠴᠦ ᠬᠦᠴᠢᠯᠰᠢᠭᠡᠳ᠂ ᠬᠠᠳᠠᠬᠤ ᠳᠠᠭᠠᠨ ᠦᠶ᠎ᠡ ᠦᠶ᠎ᠡ ᠰᠢᠷᠠᠯᠠᠵᠦ ᠴᠠᠶᠢᠷᠠᠭᠠᠳ᠂ ᠡᠷᠢᠶᠡᠯᠡᠭᠰᠡᠨ ᠵᠦᠭᠡᠯᠡᠨ ᠬᠠᠷᠢᠮᠠᠬᠠᠢ ᠪᠦᠬᠦᠯᠢ ᠴᠤᠭᠴᠠᠪᠤᠯᠳᠠᠭ᠃ ᠴᠠᠭᠠᠨ ᠲᠤᠰᠦ ᠶᠢ ᠦᠵᠦᠮᠦᠴᠢᠨ ᠳᠤ ᠵᠣᠨ ᠨᠠᠮᠦᠷ ᠬᠤᠷᠢᠶᠠᠵᠦ᠂ ᠡᠪᠦᠯ ᠬᠠᠪᠤᠷ ᠤᠨ ᠨᠦᠭᠡᠴᠡ ᠴᠠᠭᠠᠨᠢᠳᠡᠭᠡᠨ ᠪᠦᠭᠡᠳ ᠰᠢᠮ᠎ᠡ ᠳᠡᠵᠢᠭᠡᠯ ᠪᠦᠷᠢᠨ᠂ ᠦᠨᠦᠷ ᠠᠩᠭᠢᠯᠤᠮᠠᠯ᠂  ᠠᠮᠲᠠ ᠬᠦᠴᠢᠯᠯᠢᠭ ᠲᠤᠯᠠ ᠨᠠᠰᠤᠳᠠᠶᠢᠴᠤᠳᠢᠳᠡᠬᠦ ᠳᠤ ᠶᠡᠭᠡ ᠲᠤᠬᠢᠷᠠᠮᠵᠢᠳᠠᠢ᠃ ᠡᠶᠢᠮᠦ ᠠᠴᠠ ᠴᠠᠭᠠᠨ ᠳᠤᠰᠦ ᠨᠢ ᠡᠪᠦᠯ ᠬᠠᠪᠤᠷ ᠤᠨ ᠴᠠᠢ ᠶᠢᠨ ᠬᠢᠴᠡ᠂ ᠴᠠᠭᠠᠨᠢᠳᠡᠭᠡᠨ ᠤ ᠥᠩᠭᠡ᠂ ᠨᠢᠭᠡ ᠵᠦᠢᠯ ᠤᠨ ᠲᠤᠰᠬᠠᠢ ᠴᠠᠭᠠᠨ ᠢᠳᠡᠭᠡᠨ ᠪᠠᠶᠢᠳᠠᠭ᠃            
  ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ